ᠵᠤᠬᠢᠶᠠᠭᠴᠢ:
ᠴᠠᠭ:2025-03-07
ᠥᠵᠡᠭᠰᠡᠨ : ℃
ᠢᠷᠡᠯᠲᠡ: ᠥᠪᠥᠷ ᠮᠣᠩᠭᠤᠯ ᠤᠨ
ᠪᠦᠵᠢᠭᠲᠦ ᠵᠦᠴᠦᠭᠡ︽ᠨᠡᠭᠦᠳᠡᠯᠴᠢᠳ ᠤᠨ ᠴᠤᠭᠤᠷ ᠤᠨ ᠠᠷᠪᠠᠨ ᠨᠠᠢᠮᠠᠨ ᠠᠶᠠᠯᠭᠤ︾ ᠶᠢ ᠤᠯᠤᠰ ᠤᠨ ᠲᠣᠮᠣ ᠲᠢᠶᠠᠲᠷ ᠲᠤ ᠲᠣᠭᠯᠠᠯ᠎ᠠ
2025 3 ᠰᠠᠷ᠎ᠠ ᠶᠢᠨ 1 ᠤ ᠡᠳᠦᠷ ᠠᠴᠠ 2 ᠤᠨ ᠡᠳᠦᠷ ᠪᠣᠯᠲᠠᠯ᠎ᠠ᠂ ᠣᠷᠳᠣᠰ ᠬᠤᠲᠠ ᠶᠢᠨ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠰᠣᠶᠣᠯ ᠪᠠ ᠵᠢᠭᠤᠯᠴᠢᠯᠠᠯ ᠤᠨ ᠲᠣᠪᠴᠢᠶ᠎ᠠ ᠪᠠ ᠪᠡᠭᠡᠵᠢᠩ ᠤᠨ ᠪᠦᠦ ᠯᠢ ᠵᠦᠴᠦᠭᠡ ᠶᠢᠨ ᠬᠦᠷᠢᠶᠡᠯᠡᠩ ᠤᠨ ᠬᠠᠮᠢᠶᠠᠷᠤᠯᠲᠠ ᠶᠢᠨ ᠬᠢᠵᠠᠭᠠᠷᠲᠤ ᠺᠣᠮᠫᠠᠨᠢ ᠠᠴᠠ ᠬᠠᠮᠲᠤᠷᠠᠨ ᠦᠢᠯᠡᠳᠴᠦ᠂ ᠣᠷᠳᠣᠰ ᠬᠤᠲᠠ ᠶᠢᠨ ᠤᠯᠠᠭᠠᠨᠮᠥ᠋ᠴᠢᠷ ᠵᠣᠬᠢᠶᠠᠵᠤ ᠪᠣᠯᠪᠠᠰᠤᠷᠠᠨ ᠦᠢᠯᠡᠳᠦᠭᠰᠡᠨ ᠪᠦᠵᠢᠭᠲᠦ ᠵᠦᠴᠦᠭᠡ《ᠨᠡᠭᠦᠳᠡᠯᠴᠢᠳ ᠤᠨ ᠴᠤᠭᠤᠷ ᠤᠨ ᠠᠷᠪᠠᠨ ᠨᠠᠢᠮᠠᠨ ᠠᠶᠠᠯᠭᠤ》 ᠶᠢ ᠪᠡᠭᠡᠵᠢᠩ ᠳᠠᠬᠢ ᠤᠯᠤᠰ ᠤᠨ ᠲᠣᠮᠣ ᠲᠢᠶᠡᠲᠷ ᠲᠤ ᠭᠤᠶᠢᠳᠠ ᠰᠠᠶᠢᠬᠠᠨ ᠲᠣᠭᠯᠠᠪᠠ᠃ ᠣᠳᠣᠬᠠᠨ ᠳᠤ᠂ ᠲᠤᠰ ᠪᠦᠵᠢᠭᠲᠦ ᠵᠦᠴᠦᠭᠡ ᠶᠢ ᠵᠢᠶᠠᠩᠰᠦ᠂ ᠯᠢᠶᠣᠣᠨᠢᠩ᠂ ᠱᠠᠨᠳᠦ᠋ᠩ ᠵᠡᠷᠭᠡ ᠭᠠᠵᠠᠷ ᠲᠤ ᠪᠥᠬᠦ ᠤᠯᠤᠰ ᠢᠶᠠᠷ ᠲᠤᠭᠤᠷᠢᠨ ᠲᠣᠭᠯᠠᠬᠤ 25 ᠲᠠᠯᠠᠪᠤᠷ ᠲᠣᠭᠯᠠᠯᠲᠠ ᠶᠢ ᠠᠮᠵᠢᠯᠲᠠ ᠲᠠᠢ ᠥᠷᠨᠢᠭᠦᠯᠪᠡ᠃ ︵ᠰᠣᠶᠣᠯ ᠵᠢᠭᠤᠯᠴᠢᠯᠠᠯ ᠤᠨ ᠲᠢᠩᠬᠢᠮ︶