ᠵᠤᠬᠢᠶᠠᠭᠴᠢ:
ᠴᠠᠭ:2025-04-18
ᠥᠵᠡᠭᠰᠡᠨ : ℃
ᠢᠷᠡᠯᠲᠡ: ᠣᠷᠳᠣᠰ ᠮᠣᠩᠭᠤᠯ ᠰᠦᠯᠵᠢᠶ᠎ᠡ
ᠴᠡᠢ ᠪᠠᠷ ᠠᠶᠠᠭ᠎ᠠ ᠪᠠᠨ ᠤᠬᠢᠶᠠᠬᠤ ᠶᠢ ᠴᠡᠬᠡᠷᠯᠡᠳᠡᠭ ᠤᠨ ᠤᠴᠢᠷ
ᠡᠷᠳᠡ ᠦᠶ᠎ᠠ ᠳᠤ ᠨᠢᠭᠡᠨ ᠰᠦᠷᠡᠬᠡᠢ ᠪᠠᠶᠠᠵᠢᠬᠰᠠᠨ ᠬᠦᠮᠥᠨ ᠪᠠᠶᠢᠵᠡᠢ ᠬᠡᠨ᠎ᠠ᠃ ᠲᠡᠷᠡ ᠪᠠᠷ᠂ ᠦᠪ ᠮᠠᠯ ᠤᠨ ᠢᠶᠠᠨ ᠲᠤᠭ᠎ᠠ ᠲᠤᠯᠤᠭᠠᠢ ᠶᠢ ᠲᠣᠭᠠᠯᠠᠵᠣ ᠲᠡᠶᠢᠯᠬᠦ ᠦᠬᠡᠢ ᠲᠡᠩᠳᠠᠷᠠᠵᠦ ᠤᠳᠠᠭᠠᠨ ᠶᠠᠪᠤᠬᠰᠠᠭᠠᠷ ᠪᠠᠶᠢᠭᠠᠳ ᠲᠡᠪᠢ ᠶᠢᠨ ᠲᠠᠪᠠᠭᠠᠨ ᠲᠠᠭᠡᠷ᠎ᠠ ᠭᠠᠷᠴᠤ ᠪᠠᠶᠢᠬᠤ ᠳᠤ ᠬᠠᠪᠴᠢᠭ ᠮᠦᠷᠦᠯᠡᠵᠦ ᠭᠠᠵᠠᠷ ᠢ ᠪᠠᠷᠠᠬᠰᠠᠨ ᠨᠢᠬᠡ ᠯᠠᠮᠠ ᠬᠡᠷ ᠲᠤᠨᠢ ᠢᠷᠡᠵᠡᠢ᠃
ᠨᠦᠬᠦᠬᠡ ᠪᠠᠶᠠᠨ ᠨᠢᠬᠡ ᠯᠡ ᠰᠦᠷᠡᠬᠡᠢ ᠬᠠᠯᠠᠭᠤᠨ ᠲᠤᠯᠠᠭᠠᠨ ᠢᠶᠠᠷ ᠬᠤᠭᠤᠯᠠ ᠴᠡᠢ ᠬᠢᠵᠦ ᠬᠤᠨᠤᠭ ᠪᠠᠷᠢᠭᠤᠯᠬᠤ ᠪᠠᠷ ᠪᠤᠯᠤᠬᠰᠠᠨ ᠬᠤᠶᠢᠨ᠎ᠠ᠄《ᠪᠠᠭᠰᠢ ᠠᠴᠠ ᠭᠤᠶᠤᠶ᠎ᠠ︕ ᠪᠢ ᠬᠡᠳᠡᠭ ᠡᠨᠡ ᠬᠦᠮᠥᠨ ᠡᠵᠡᠮᠳᠠᠵᠦ ᠶᠠᠪᠤᠭ᠎ᠠ ᠦᠪ ᠮᠠᠯ ᠤᠨ ᠢᠶᠠᠨ ᠲᠤᠭ᠎ᠠ ᠲᠤᠯᠤᠭᠠᠢ ᠶᠢ ᠠᠪᠴᠤ ᠲᠡᠶᠢᠯᠬᠦ ᠦᠬᠡᠢ ᠪᠠᠷ ᠠᠷᠤ ᠬᠡᠷ ᠲᠡᠭᠡᠨ ᠬᠠᠷᠢᠬᠤ ᠪᠠᠨ ᠬᠦᠯᠢᠶᠡᠭᠰᠡᠨ ᠮᠤᠨᠤᠭ ᠲᠤᠯᠤᠭᠠᠢ ᠰᠢᠤ᠃ ᠮᠡᠷᠬᠡᠨ ᠪᠠᠭᠰᠢ ᠮᠢᠨᠢ ᠶᠠᠭᠠᠬᠢᠬᠰᠠᠨ ᠴᠤ ᠨᠢᠬᠡ ᠠᠷᠭ᠎ᠠ ᠲᠤᠰᠠ ᠬᠢᠬᠡᠳ ᠦᠭ ᠳ᠋ᠡ︕》ᠬᠡᠵᠦ ᠠᠬᠢᠨ ᠲᠠᠬᠢᠨ ᠮᠦᠷᠬᠦᠵᠦ ᠰᠦᠬᠦᠳᠴᠤ ᠭᠤᠶᠤᠬᠰᠠᠨ ᠶᠤᠮ ᠬᠡᠨ᠎ᠠ᠃
ᠯᠠᠮᠠ ᠭᠤᠸᠡᠢ ᠡᠬᠢᠯᠡᠩᠬᠦᠳᠠ ᠪᠠᠨ ᠶᠡᠭᠡ ᠯᠠ ᠭᠠᠶᠢᠬᠠᠰᠢ ᠪᠤᠯᠵᠦ ᠪᠠᠶᠢᠬᠰᠠᠨ ᠢᠶᠠᠨ ᠡᠷᠬᠢᠬᠡᠳ ᠢᠨᠢᠶᠠᠳᠤ ᠨᠢ ᠭᠦᠷᠬᠦ ᠰᠢᠭ ᠪᠤᠯᠵᠦ᠄《ᠵᠠ᠂ ᠶᠠᠭᠠᠬᠢᠬᠤᠪ︕ ᠴᠢ ᠦᠨᠡᠨ ᠰᠠᠨᠠᠭᠠᠨ ᠠᠴᠠ ᠪᠠᠨ ᠭᠤᠶᠤᠭᠠᠳ ᠪᠠᠶᠢᠬᠤ ᠶᠤᠮ ᠴᠢᠨᠢ ᠪᠢ ᠦᠬᠡᠢ ᠬᠡᠳ ᠭᠤᠶᠤᠯᠭᠠᠭᠠᠳ ᠪᠠᠶᠢᠯᠳᠡᠢ ᠪᠢᠰᠢ᠃ ᠡᠨᠡ ᠲᠤᠬᠠᠢ ᠬᠢᠬᠦ ᠳᠤ ᠬᠦᠷᠪᠡᠯ ᠠᠷᠭ᠎ᠠ ᠲᠤᠰᠠ ᠨᠢ ᠡᠬᠡᠯ ᠠᠮᠠᠷᠬᠠᠨ ᠡ︕ ᠮᠠᠷᠭᠠᠰᠢ ᠦᠷᠯᠦᠬᠡ ᠠᠴᠠ ᠡᠬᠢᠯᠡᠬᠡᠳ ᠴᠡᠢ ᠪᠠᠷ ᠠᠶᠠᠭ᠎ᠠ ᠪᠠᠨ ᠤᠬᠢᠶᠠᠭᠠᠳ ᠪᠡᠢ ᠁》 ᠬᠡᠵᠡᠢ᠃
ᠶᠠᠪᠤᠭᠤᠯ ᠯᠠᠮᠠ ᠶᠢᠨ ᠦᠬᠡ ᠪᠠᠷ ᠶᠠᠯᠢᠵᠦ ᠤᠳᠠᠭᠠᠨ ᠬᠢᠬᠡᠳᠦᠢ ᠪᠠᠶᠢᠳᠠᠯ᠎ᠠ ᠰᠢᠯᠢ ᠰᠢᠯᠢ ᠠᠳᠤᠭᠤ ᠨᠢ ᠦᠬᠡᠶᠢᠷᠡᠵᠦ᠂ ᠱᠸᠡᠭ ᠱᠸᠡᠭ ᠠᠯᠳᠠ ᠨᠢ ᠬᠤᠭᠤᠰᠤᠷᠠᠭᠠᠳ ᠠᠳᠠᠭ ᠰᠡᠬᠦᠯ ᠳᠤᠨᠢ ᠦᠨᠦᠴᠢᠨ ᠤᠨᠠᠭ᠎ᠠ᠂ ᠦᠷᠦᠬᠡᠰᠦᠨ ᠭᠤᠳᠤᠯ ᠴᠤ ᠦᠯᠡᠳᠡᠯ ᠦᠬᠡᠢ ᠪᠠᠷᠠᠬᠳᠠᠵᠦ ᠠᠮᠠᠷᠠᠬᠰᠠᠨ ᠬᠡᠨ᠎ᠠ᠃ ᠡᠬᠦᠨ ᠠᠴᠠ ᠪᠤᠯᠵᠦ ᠮᠤᠩᠭᠤᠯᠴᠤᠳ ᠴᠡᠢ ᠪᠠᠷ ᠠᠶᠠᠭ᠎ᠠ ᠪᠠᠨ ᠤᠬᠢᠶᠠᠬᠤ ᠶᠢ ᠴᠡᠬᠡᠷᠯᠡᠬᠦ ᠪᠤᠯᠤᠬᠰᠠᠨ ᠬᠡᠳᠡᠭ᠃ ᠦᠨᠡᠨ ᠳᠡᠭᠡᠨ ᠴᠡᠢ ᠬᠡᠳᠡᠭ ᠢ ᠠᠭᠠᠬᠢᠮ᠎ᠠ ᠬᠠᠯᠠᠭᠤᠨ ᠡᠮᠦᠨᠡᠳᠤ ᠤᠷᠤᠨ ᠳᠤ ᠲᠠᠷᠢᠵᠦ ᠠᠷᠠᠴᠢᠯᠠᠨ᠂ ᠬᠤᠷᠢᠶᠠᠨ ᠪᠤᠯᠪᠠᠰᠤᠷᠠᠭᠤᠯᠵᠦ ᠬᠡᠪᠯᠡᠬᠡᠳ ᠠᠯᠤᠰ ᠬᠤᠯᠠ ᠶᠢᠨ ᠠᠷᠤ ᠭᠠᠵᠠᠷ ᠲᠤ ᠬᠦᠷᠴᠤ ᠢᠷᠡᠬᠦ ᠳᠡᠭᠡᠨ ᠬᠤᠪᠤᠷ ᠢᠳᠡᠬᠡᠨ ᠪᠤᠯᠴᠢᠬᠠᠬᠰᠠᠨ ᠪᠠᠶᠢᠳᠠᠭ ᠰᠢᠤ᠃ ᠬᠤᠪᠤᠷ ᠡᠳ᠋ ᠢ ᠡᠯᠪᠡᠭ ᠢᠶᠠᠷ ᠵᠠᠷᠤᠪᠠᠯ ᠬᠡᠰᠢᠭ ᠢᠶᠠᠨ ᠪᠠᠷᠠᠵᠦ ᠬᠤᠭᠤᠰᠤᠷᠠᠬᠤ ᠨᠢ ᠨᠢᠬᠡ ᠵᠦᠪ᠃ ᠲᠠᠬᠢᠭᠠᠳ ᠬᠡᠯᠡᠪᠡᠯ ᠴᠡᠢ ᠬᠡᠳᠡᠭ ᠡᠷᠬᠢᠮ ᠢᠳᠡᠬᠡᠨ ᠰᠢᠤ᠃ ᠲᠡᠬᠦᠨ ᠢᠶᠠᠷ ᠲᠡᠭᠡᠵᠢ ᠪᠤᠯᠭᠠᠵᠦ ᠲᠡᠭᠡᠳᠦᠰ ᠤᠨ ᠢᠶᠠᠨ ᠲᠠᠬᠢᠯᠭ᠎ᠠ ᠳᠤ ᠡᠷᠬᠦᠬᠦ ᠪᠠ ᠲᠦᠷᠦᠯ ᠰᠠᠳᠤᠨ ᠤ ᠪᠠᠨ ᠨᠠᠶᠢᠷ ᠬᠤᠷᠢᠮ ᠳᠤ ᠰᠠᠭᠠᠯᠢ ᠪᠤᠯᠭᠠᠵᠦ ᠲᠡᠪᠰᠢᠬᠦᠯᠳᠡᠭ ᠪᠠᠶᠢᠳᠠᠯ᠎ᠠ ᠡᠷᠬᠢᠮ ᠢᠳᠡᠬᠡᠨ ᠢᠶᠠᠨ ᠤᠬᠢᠶᠠᠳᠠᠰᠤ ᠪᠤᠯᠭᠠᠵᠦ ᠪᠤᠷᠤᠭᠤ ᠪᠠᠷ ᠵᠠᠷᠤᠪᠠᠯ ᠪᠤᠶᠠᠨ ᠢᠶᠠᠨ ᠪᠠᠷᠠᠬᠤ ᠨᠢ ᠨᠠᠩ ᠵᠦᠪ ᠡ᠃