ᠵᠤᠬᠢᠶᠠᠭᠴᠢ:
ᠴᠠᠭ:2025-07-01
ᠥᠵᠡᠭᠰᠡᠨ : ℃
ᠢᠷᠡᠯᠲᠡ: ᠣᠷᠳᠣᠰ ᠬᠤᠲᠠ ᠵᠢᠨ ᠮᠣᠩᠭᠤᠯ ᠰᠦᠯᠵᠢᠶ᠎ᠡ
ᠡᠵᠨᠬᠣᠷᠣᠭᠠ ᠵᠢᠷᠦᠬᠡ ᠵᠢᠨ ᠣᠯᠳᠠᠭᠰᠠᠨ ᠡᠳᠦᠭᠡ 4200~3500 ᠵᠢᠯ ᠡᠮᠦᠨᠡᠬᠢ ᠲᠥᠯᠭᠡᠨ ᠳᠠᠯᠤ᠃ ᠤᠷᠲᠤ ᠨᠢ 30.3cm᠂ ᠥᠷᠭᠡᠨ 20.4 cm᠃ ᠵᠢᠷᠦᠬᠡ ᠵᠢᠨ ᠭᠣᠣᠯ ᠣᠯᠳᠠᠭᠰᠠᠨ ᠲᠦᠯᠭᠡᠨ ᠳᠠᠯᠤ ᠶᠢᠨ ᠳᠡᠢ᠌ᠯᠦᠩᠬᠡᠢ ᠨᠢ ᠦᠬᠡᠷ ᠪᠤᠭᠤ ᠶᠢᠨ ᠳᠠᠯᠤ ᠪᠣᠯᠣᠨ᠎ᠠ᠂ ᠬᠠᠶᠠ ᠪᠠᠰᠠ ᠬᠣᠨᠢ ᠢᠮᠠᠭ᠎ᠠ ᠭᠠᠬᠠᠢ ᠲᠡᠮᠡᠭᠡᠨ ᠳᠠᠯᠤ ᠬᠠᠷᠠᠭᠳᠠᠳᠠᠭ᠃
ᠳᠠᠯᠤ ᠪᠠᠷ ᠲᠦᠯᠭᠡᠳᠡᠬᠦ ᠤᠷᠢᠳᠠᠪᠠᠷ ᠰᠢᠪᠰᠢᠨ᠎ᠡ᠂ ᠰᠢᠪᠰᠢᠭᠰᠡᠨ ᠳᠠᠯᠤ ᠶᠢᠨ ᠬᠠᠷᠢ ᠲᠠᠯ᠎ᠠ ᠵᠢᠨ ᠨᠢᠭᠡ ᠴᠡᠭ ᠳᠡᠭᠡᠷ᠎ᠡ ᠲᠦᠯᠡᠨ᠎ᠡ᠂ ᠳᠠᠷᠠᠭᠠᠨᠢ ᠨᠥᠭᠥᠭᠡ ᠲᠠᠯ᠎ᠠ ᠳᠡᠭᠡᠷ᠎ᠡ ᠭᠠᠷᠤᠭᠰᠠᠨ ᠠᠩ ᠴᠠᠪᠠ ᠵᠢ ᠨᠢ ᠰᠢᠨᠵᠢᠵᠦ ᠲᠥᠯᠭᠡᠳᠡᠳᠡᠭ᠃ ᠳᠠᠯᠤ ᠳᠠᠯᠠᠨ ᠰᠢᠨᠵᠢ ᠪᠤᠢ ᠲᠤᠯᠠ ᠤᠯᠠᠨ ᠲᠦᠯᠭᠡᠳᠡᠵᠦ ᠰᠢᠨᠵᠢᠬᠦ ᠠᠷᠭ᠎ᠠ ᠪᠠᠢ᠌ᠳᠠᠭ᠃ ᠳᠠᠯᠤ ᠪᠠᠷ ᠲᠦᠯᠭᠡᠳᠡᠬᠦ ᠪᠣᠯ ᠤᠮᠠᠷᠠᠲᠤ ᠵᠢᠨ ᠦᠨᠳᠦᠰᠦᠲᠡᠨ ᠦᠷᠭᠦᠯᠵᠢ ᠬᠡᠷᠡᠭᠯᠡᠳᠡᠭ ᠲᠥᠯᠭᠡ ᠮᠡᠷᠭᠡ ᠵᠢᠨ ᠦᠢ᠍ᠯᠡ ᠪᠣᠯᠣᠨ᠎ᠠ᠃