ᠵᠤᠬᠢᠶᠠᠭᠴᠢ:
ᠴᠠᠭ:2023-06-02
ᠥᠵᠡᠭᠰᠡᠨ : ℃
ᠢᠷᠡᠯᠲᠡ: ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠶᠢᠨ ᠨᠠᠮ ᠤᠨ ᠲᠡᠸᠬᠡ ᠪᠠ ᠣᠷᠣᠨ ᠨᠤᠲᠤᠭ ᠤᠨ ᠣᠶᠢᠯᠠᠯᠭ᠎ᠠ ᠲᠠᠰᠤᠭ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠶᠢᠨ ᠨᠠᠮ ᠤᠨ ᠲᠡᠸᠬᠡ ᠪᠠ ᠣᠷᠣᠨ ᠨᠤᠲᠤᠭ ᠤᠨ ᠣᠶᠢᠯᠠᠯᠭ᠎ᠠ ᠰᠤᠳᠤᠯᠬᠤ ᠲᠠᠰᠤᠭ ᠨᠠᠮ ᠤᠨ ᠬᠣᠷᠢᠳᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠸᠱᠯᠠᠭᠤᠯᠬᠤ ᠵᠢᠴᠢ ᠨᠠᠮ ᠤᠨ ᠲᠡᠸᠬᠡ ᠶᠢᠨ ᠰᠤᠷᠤᠯᠴᠠᠯᠭ᠎ᠠ ᠬᠥᠮᠦᠵᠢᠯ ᠢ ᠦᠷᠭᠦᠯᠵᠢᠯᠡᠨ ᠠᠬᠢᠭᠤᠯᠬᠤ ᠲᠤᠰᠬᠠᠶ ᠰᠡᠳᠦᠪᠲᠦ ᠤᠨ ᠠᠩᠭᠢ ᠡᠷᠭᠢᠯᠡᠪᠡ
ᠨᠡᠶᠢᠭᠡᠮ ᠵᠢᠷᠤᠮ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠶ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠭᠣᠣᠯ ᠰᠡᠳᠦᠪᠲᠦ ᠬᠥᠮᠦᠵᠢᠯ ᠦᠨ ᠠᠬᠢᠴᠠ ᠶᠢ ᠭᠦᠨᠵᠡᠭᠡᠶ ᠠᠬᠢᠭᠤᠯᠬᠤ ᠶᠢᠨ ᠲᠥᠯᠥᠭᠡ ᠂ 《 2023 ᠣᠨ ᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠶᠢᠨ ᠵᠣᠬᠢᠶᠠᠨ ᠪᠠᠶᠢᠭᠤᠯᠬᠤ ᠬᠡᠯᠲᠡᠰ ᠦᠨ ᠲᠤᠰᠬᠠᠶ ᠰᠡᠳᠦᠪᠲᠦ ( ᠨᠠᠶᠢᠳᠠᠯᠭ᠎ᠠ ) ᠪᠣᠯᠪᠠᠰᠤᠷᠠᠭᠤᠯᠤᠯ ᠤᠨ ᠲᠥᠯᠥᠪᠯᠡᠭᠡ 》 ᠶᠢᠨ ᠱᠠᠭᠠᠷᠳᠠᠯᠭ᠎ᠠ ᠶᠣᠰᠣᠭᠠᠷ ᠂ 《 ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠶᠢᠨ ᠨᠠᠮ ᠤᠨ ᠲᠡᠦᠬᠡ ᠪᠠ ᠣᠷᠣᠨ ᠨᠤᠲᠤᠭ ᠤᠨ ᠣᠶᠢᠯᠠᠯᠭ᠎ᠠ ᠰᠤᠳᠤᠯᠬᠤ ᠲᠠᠰᠤᠭ ᠤᠨ ᠨᠠᠮ ᠤᠨ ᠬᠣᠷᠢᠳᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠤᠱᠯᠠᠭᠤᠯᠬᠤ ᠲᠥᠪᠯᠡᠷᠡᠭᠦᠯᠦᠨ ᠡᠭᠡᠯᠵᠢᠯᠡᠨ ᠪᠣᠯᠪᠠᠰᠤᠷᠠᠭᠤᠯᠬᠤ ᠠᠵᠢᠯ ᠤᠨ ᠲᠥᠰᠦᠯ 》 ᠪᠣᠯᠤᠨ ᠭᠣᠣᠯ ᠰᠡᠳᠦᠪᠲᠦ ᠬᠥᠮᠦᠵᠢᠯ ᠦᠨ ᠠᠵᠢᠯ ᠤᠨ ᠲᠥᠯᠥᠪᠯᠡᠭᠡ ᠶᠢᠨ ᠲᠣᠬᠢᠷᠠᠭᠤᠯᠤᠯᠲᠠ ᠶᠢ ᠦᠨᠳᠦᠰᠦᠯᠡᠨ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶᠢᠨ ᠨᠠᠮ ᠤᠨ ᠲᠡᠦᠬᠡ ᠪᠣᠯᠤᠨ ᠣᠷᠣᠨ ᠨᠤᠲᠤᠭ ᠤᠨ ᠣᠶᠢᠯᠠᠯᠭ᠎ᠠ ᠰᠤᠳᠤᠯᠬᠤ ᠲᠠᠰᠤᠬ 5 ᠰᠠᠷ᠎ᠠ ᠶᠢᠨ 14 ︱ 19 ᠋ ᠦ ᠡᠳᠦᠷ ᠾᠧᠨᠠᠨ ᠮᠤᠵᠢ ᠶᠢᠨ ᠯᠢᠨᠵᠸ᠋ᠦ ᠬᠤᠳᠠ ᠶᠢᠨ ᠬᠣᠩ ᠴᠢ ᠴᠢᠦᠶ ᠺᠠᠳ᠋ᠷ ᠤᠨ ᠳᠡᠭᠡᠳᠦ ᠰᠤᠷᠭᠠᠭᠤᠯᠢ ᠳᠤ ᠬᠦᠷᠴᠦ ᠨᠠᠮ ᠤᠨ ᠬᠣᠷᠢᠳᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠬᠤ ᠵᠢᠴᠢ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠢ ᠦᠷᠭᠦᠯᠵᠢᠯᠡᠨ ᠠᠬᠢᠭᠤᠯᠬᠤ ᠲᠤᠰᠬᠠᠢ ᠰᠡᠳᠦᠪᠲᠦ ᠪᠣᠯᠪᠠᠰᠤᠷᠠᠭᠤᠯᠤᠯ ᠤᠨ ᠠᠩᠬᠢ ᠶᠢ ᠡᠷᠬᠢᠯᠡᠪᠡ᠃ ᠡᠯ᠎ᠡ ᠠᠶᠢᠮᠠᠭ ᠬᠣᠲᠠ ᠪᠤᠶᠤ ᠬᠡᠰᠡᠭ ᠬᠣᠰᠢᠭᠤ ᠰᠢᠶᠠᠨ ︵ ᠬᠣᠲᠠ ᠂ ᠲᠣᠭᠣᠷᠢᠭ ︶ ᠤ ᠨᠠᠮ ᠤᠨ ᠬᠣᠷᠢᠶ᠎ᠠ ᠪᠤᠶᠤ ᠵᠠᠰᠠᠭ ᠤᠨ ᠣᠷᠳᠣᠨ ᠤ ᠬᠤᠪᠢᠳᠠᠨ ᠬᠠᠮᠢᠶᠠᠷᠴᠤ ᠪᠥᠬᠥᠶ ᠬᠠᠷᠢᠭᠤᠴᠠᠯᠭᠠᠲᠠᠨ ᠂ ᠡᠯ᠎ᠡ ᠠᠶᠢᠮᠠᠭ ᠬᠣᠲᠠ ᠶᠢᠨ ᠨᠠᠮ ᠤᠨ ᠲᠡᠸᠬᠡ ᠣᠷᠣᠨ ᠨᠤᠲᠤᠭ ᠤᠨ ᠣᠶᠢᠯᠠᠯᠭ᠎ᠠ ᠶᠢᠨ ᠰᠠᠯᠠᠭ᠎ᠠ ᠮᠥᠴᠢᠷ ᠦᠨ ᠬᠠᠷᠢᠭᠤᠴᠠᠯᠭᠠᠲᠠᠨ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠶᠢᠨ ᠨᠠᠮ ᠤᠨ ᠲᠡᠸᠬᠡ ᠪᠠ ᠣᠷᠣᠨ ᠨᠤᠲᠤᠭ ᠤᠨ ᠣᠶᠢᠯᠠᠯᠭ᠎ᠠ ᠰᠤᠳᠤᠯᠬᠤ ᠲᠠᠰᠤᠭ ᠤᠨ ᠳᠡᠳ᠋ ᠭᠠᠵᠠᠷ ᠤᠨ ᠲᠠᠰ ᠠᠴᠠ ᠳᠡᠭᠡᠭᠰᠢᠬᠢ ᠨᠠᠮ ᠤᠨ ᠭᠡᠰᠢᠭᠦᠨ ᠺᠠᠳ᠋ᠷ ᠨᠡᠶᠢᠲᠡ 49 ᠬᠥᠮᠦᠨ ᠪᠣᠯᠪᠠᠰᠤᠷᠠᠭᠤᠯᠤᠯ ᠳᠤ ᠣᠷᠣᠯᠴᠠᠵᠠᠶ ᠃

5 ᠰᠠᠷ᠎ᠠ ᠶᠢᠨ 14 ᠦ ᠡᠳᠦᠷ ᠂ ᠪᠣᠯᠪᠠᠰᠤᠷᠠᠭᠤᠯᠤᠯ ᠤᠨ ᠠᠩᠭᠢ ᠬᠣᠩ ᠴᠢ ᠴᠢᠦᠶ ᠺᠠᠳ᠋ᠷ ᠤᠨ ᠳᠡᠭᠡᠳᠦ ᠰᠤᠷᠭᠠᠭᠤᠯᠢ ᠶᠢᠨ 1 ᠠᠰᠠᠷ ᠤᠨ 1101 ᠬᠢᠴᠢᠶᠡᠯ ᠦᠨ ᠬᠡᠷ ᠲᠦ ᠪᠣᠯᠪᠠᠰᠤᠷᠠᠭᠤᠯᠤᠯ ᠤᠨ ᠠᠩᠭᠢ ᠡᠬᠢᠯᠡᠬᠦ ᠶᠣᠰᠣᠯᠠᠯ ᠶᠠᠪᠤᠭᠤᠯᠪᠠ ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶᠢᠨ ᠨᠠᠮ ᠤᠨ ᠲᠡᠦᠬᠡ ᠪᠠ ᠣᠷᠣᠨ ᠨᠤᠲᠤᠭ ᠤᠨ ᠣᠶᠢᠯᠠᠯᠭ᠎ᠠ ᠰᠤᠳᠤᠯᠬᠤ ᠲᠠᠰᠤᠭ ᠤᠨ ᠳ᠋ᠦ᠋ ᠢ ᠰᠢᠨ᠂ ᠳᠡᠳ᠋ ᠡᠷᠬᠢᠯᠡᠭᠴᠢ ᠾᠧ ᠪᠢᠶᠤᠤ᠂ ᠦ᠋ ᠬᠠᠢ ᠱᠠᠨ᠂ ᠯᠢ ᠬᠣᠩ᠂ ᠬᠣᠩ ᠴᠢ ᠴᠢᠦᠶ ᠺᠠᠳ᠋ᠷ ᠤᠨ ᠳᠡᠭᠡᠳᠦ ᠰᠤᠷᠭᠠᠭᠤᠯᠢ ᠶᠢᠨ ᠵᠢᠭᠠᠨ ᠰᠤᠳᠤᠯᠬᠤ ᠬᠡᠯᠲᠡᠰ ᠦᠨ ᠡᠷᠬᠢᠯᠡᠭᠴᠢ ᠵᠤᠤ ᠵᠠᠩ ᠯᠢᠨ ᠰᠤᠷᠤᠯᠭ᠎ᠠ ᠡᠬᠢᠯᠡᠬᠦ ᠶᠣᠰᠣᠯᠠᠯ ᠳᠤ ᠣᠷᠣᠯᠴᠠᠵᠤ᠂ ᠬᠣᠩ ᠴᠢ ᠴᠢᠦᠶ ᠺᠠᠳ᠋ᠷ ᠤᠨ ᠳᠡᠭᠡᠳᠦ ᠰᠤᠷᠭᠠᠭᠤᠯᠢ ᠶᠢᠨ ᠠᠯᠪᠠᠨ ᠭᠡᠷ ᠦᠨ ᠡᠷᠬᠢᠯᠡᠭᠴᠢ ᠯᠢ ᠵᠧᠨ ᠬᠤᠸᠠ ᠰᠤᠷᠤᠯᠭ᠎ᠠ ᠡᠬᠢᠯᠡᠬᠦ ᠶᠣᠰᠣᠯᠠᠯ ᠢ ᠡᠷᠬᠢᠯᠡᠪᠡ᠃ ᠵᠤᠤ ᠵᠠᠩ ᠯᠢᠨ ᠨᠥᠬᠥᠷ ᠦᠭᠡ ᠬᠡᠯᠡᠬᠦ ᠳᠡᠭᠡᠨ ᠠᠨᠶᠠᠩ ᠬᠤᠳᠠ᠂ ᠯᠢᠨᠵᠧᠦ ᠬᠤᠳᠠ ᠶᠢᠨ ᠬᠤᠳᠠ ᠶᠢᠨ ᠪᠠᠶᠢᠳᠠᠯ ᠬᠤᠳᠠ ᠶᠢᠨ ᠳᠦᠷᠰᠦ ᠪᠠᠶᠢᠳᠠᠯ ᠪᠣᠯᠤᠨ ᠬᠣᠩ ᠴᠢ ᠴᠢᠦᠶ ᠪᠣᠢ ᠪᠣᠯᠣᠭᠰᠠᠨ ᠲᠡᠦᠬᠡ ᠶᠢᠨ ᠠᠬᠤᠢ ᠪᠠᠶᠢᠳᠠᠯ ᠢ ᠲᠠᠨᠢᠯᠴᠠᠭᠤᠯᠪᠠ᠃ ᠡᠷᠬᠢᠯᠡᠭᠴᠢ ᠳ᠋ᠦ᠋ ᠢ ᠰᠢᠨ ᠴᠢᠬᠤᠯᠠᠴᠢᠯᠠᠬᠤ ᠳᠠᠭᠠᠨ ᠂ ᠲᠠᠨᠢᠯᠲᠠ ᠪᠠᠨ ᠳᠡᠭᠡᠭᠰᠢᠯᠡᠭᠦᠯᠵᠦ ᠂ ᠢᠲᠡᠭᠡᠯ ᠵᠣᠷᠢᠭ ᠢᠶᠠᠨ ᠪᠠᠲᠤᠳᠬᠠᠨ ᠂ ᠬᠣᠩ ᠴᠢ ᠴᠢᠦᠶ ᠵᠣᠷᠢᠭ ᠰᠠᠨᠠᠭ᠎ᠠ ᠶᠢ ᠦᠷᠭᠦᠯᠵᠢᠯᠡᠭᠦᠯᠵᠦ ᠂ ᠭᠣᠸᠯ ᠰᠡᠳᠦᠪᠲᠦ ᠬᠥᠮᠦᠵᠢᠯ ᠦᠨ ᠦᠵᠡᠯ ᠰᠠᠨᠠᠭᠠᠨ ᠤ ᠰᠠᠭᠤᠷᠢ ᠶᠢ ᠪᠠᠲᠤ ᠴᠣᠭᠴᠠᠯᠠᠬᠤ ᠬᠡᠷᠡᠭᠲᠡᠶ ᠰᠠᠬᠢᠯᠭ᠎ᠠ ᠪᠠᠲᠤ ᠶᠢ ᠴᠢᠩᠭᠠᠳᠬᠠᠵᠤ᠂ ᠪᠦᠯᠬᠦᠮᠳᠡᠨ ᠬᠠᠮᠵᠢᠯᠴᠠᠵᠤ᠂ ᠬᠣᠩ ᠴᠢ ᠴᠢᠦᠶ ᠶᠢᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠲᠤᠰ ᠤᠳᠠᠭ᠎ᠠ ᠶᠢᠨ ᠪᠣᠯᠪᠠᠰᠤᠷᠠᠭᠤᠯᠤᠯ ᠤᠨ ᠡᠭᠦᠷᠭᠡ ᠶᠢ ᠪᠡᠶᠡᠯᠡᠭᠦᠯᠬᠦ ᠬᠡᠷᠡᠭᠲᠡᠢ ᠪᠣᠳᠠᠲᠠᠢ ᠲᠠᠶ ᠤᠶᠠᠯᠳᠤᠭᠤᠯᠵᠤ᠂ ᠰᠣᠷᠣᠭᠰᠠᠨ ᠢᠶᠠᠨ ᠬᠡᠷᠡᠭᠯᠡᠵᠦ᠂ ᠬᠣᠩ ᠴᠢ ᠴᠢᠦᠶ ᠵᠣᠷᠢᠭ ᠰᠠᠨᠠᠭ᠎ᠠ ᠪᠠᠷ ᠲᠡᠦᠬᠡ ᠣᠶᠢᠯᠠᠯᠭ᠎ᠠ ᠶᠢᠨ ᠦᠢᠯᠡᠰ ᠦᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠬᠡᠷᠡᠭᠲᠡᠢ᠃ ᠪᠣᠯᠪᠠᠰᠤᠷᠠᠭᠤᠯᠤᠯ ᠤᠨ ᠠᠩᠭᠢ ᠲᠤᠭ ᠣᠯᠭᠣᠬᠤ ᠶᠣᠰᠣᠯᠠᠯ ᠶᠠᠪᠤᠭᠤᠯᠪᠠ ᠃

5 ᠰᠠᠷ᠎ᠠ ᠶᠢᠨ 15 ︱ 18 ᠋ ᠤ ᠡᠳᠦᠷ ᠂ ᠪᠣᠯᠪᠠᠰᠤᠷᠠᠭᠤᠯᠤᠯ ᠤᠨ ᠠᠩᠬᠢ ᠶᠢᠨ ᠬᠢᠨ ᠬᠣᠩ ᠴᠢ ᠴᠢᠦᠶ ᠶᠢᠨ ᠮᠦᠽᠧᠢ᠂ ᠵᠠᠯᠠᠭᠤᠴᠤᠳ ᠤᠨ ᠠᠭᠤᠢ᠂ ᠶᠢᠨ ᠰᠢᠦᠢ ᠶᠢᠨ ᠮᠦᠽᠧᠢ᠂ ᠬᠤᠸᠠᠩ ᠼᠦᠨ ᠲᠣᠰᠬᠣᠨ᠂ ᠱᠢ ᠪᠠᠨ ᠶᠠᠨ ᠪᠠᠯᠭᠠᠰᠤ᠂ ᠭᠦ᠋ ᠴᠠᠩ ᠤᠨ ᠨᠢᠭᠡ ᠨᠠᠰᠤᠨ ᠤ ᠦᠢᠯᠡ ᠶᠠᠪᠤᠳᠠᠯ ᠤᠨ ᠦᠵᠡᠭᠦᠯᠭᠡ ᠶᠢᠨ ᠣᠷᠳᠣᠨ᠂ ᠠᠭᠤᠯᠠᠨ ᠳᠤ ᠠᠪᠠᠷᠢᠬᠤ ᠲᠩᠷᠢ ᠶᠢᠨ ᠵᠠᠮ ᠤᠨ ᠲᠤᠬᠠᠢ ᠶᠢᠨ ᠲᠠᠯᠠᠪᠠᠢ ᠶᠢᠨ ᠪᠡᠶᠡᠴᠢᠯᠡᠨ ᠣᠶᠢᠯᠠᠭᠠᠬᠤ ᠵᠢᠭᠠᠨ ᠰᠤᠷᠭᠠᠯᠲᠠ ᠶᠢ ᠵᠣᠬᠢᠶᠠᠨ ᠪᠠᠶᠢᠭᠤᠯᠪᠠ ᠨᠠᠮ ᠤᠨ ᠬᠣᠷᠢᠳᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂ ᠲᠡᠦᠬᠡ ᠣᠶᠢᠯᠠᠯᠭ᠎ᠠ ᠶᠢᠨ ᠠᠵᠢᠯ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠲᠠᠶᠢᠯᠤᠮᠵᠢ ᠬᠢᠵᠦ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶᠢᠨ ᠨᠠᠮ ᠤᠨ ᠲᠡᠦᠬᠡ ᠪᠠ ᠣᠷᠣᠨ ᠨᠤᠲᠤᠭ ᠤᠨ ᠣᠶᠢᠯᠠᠯᠭ᠎ᠠ ᠲᠠᠰᠤᠭ ᠤᠨ ᠳ᠋ᠦ᠋ ᠢ ᠰᠢᠨ ᠬᠢᠴᠢᠶᠡᠯ ᠣᠷᠣᠪᠠ 《ᠶᠠᠷᠢᠯᠴᠠᠭ᠎ᠠ· ᠬᠣᠩ ᠴᠢ ᠴᠢᠦᠶ 》《ᠥᠨᠳᠥᠷ ᠰᠦᠷᠯᠢᠭ ᠠᠭᠤᠯᠠᠨ ᠬᠥᠰᠢᠢᠡ· ᠶᠠᠩ ᠬᠦᠢ ᠶᠢᠨ ᠪᠦᠯᠦᠭ》᠋ ᠤᠨ ᠬᠠᠷᠢᠯᠴᠠᠨ ᠰᠤᠷᠪᠤᠯᠵᠢᠯᠠᠨ ᠶᠠᠷᠢᠯᠴᠠᠬᠤ ᠵᠢᠭᠠᠨ ᠰᠤᠷᠭᠠᠯᠲᠠ ᠳᠤ ᠣᠷᠣᠯᠴᠠᠪᠠ ᠬᠣᠩ ᠴᠢ ᠴᠢᠦᠶ ᠵᠣᠷᠢᠭ ᠰᠠᠨᠠᠭ᠎ᠠ ᠶᠢᠨ ᠤᠳᠤ ᠦᠶ᠎ᠡ ᠶᠢᠨ ᠦᠷᠳᠡᠭ ᠢ ᠰᠤᠳᠤᠯᠬᠤ ᠪᠠᠷ ᠭᠣᠣᠯ ᠰᠡᠳᠦᠪ ᠪᠣᠯᠭᠠᠵᠤ᠂ 4 ᠤᠳᠠᠭ᠎ᠠ ᠳᠤᠭᠤᠶᠢᠯᠠᠩ ᠬᠤᠪᠢᠶᠠᠨ ᠶᠠᠷᠢᠯᠴᠠᠬᠤ ᠪᠠ ᠰᠣᠯᠢᠯᠴᠠᠭ᠎ᠠ ᠬᠢᠵᠦ ᠰᠤᠳᠤᠯᠤᠨ ᠶᠠᠷᠢᠯᠴᠠᠬᠤ ᠶᠢ ᠵᠣᠬᠢᠶᠠᠨ ᠪᠠᠶᠢᠭᠤᠯᠪᠠ᠃ 5 ᠰᠠᠷ᠎ᠠ ᠶᠢᠨ 18 ᠋ ᠤ ᠤᠷᠤᠢ᠂ ᠪᠣᠯᠪᠠᠰᠤᠷᠠᠭᠤᠯᠤᠯ ᠤᠨ ᠠᠩᠬᠢ ᠬᠣᠩ ᠴᠢ ᠴᠢᠦᠶ ᠺᠠᠳ᠋ᠷ ᠤᠨ ᠳᠡᠭᠡᠳᠦ ᠰᠤᠷᠭᠠᠭᠤᠯᠢ ᠶᠢᠨ 1 ᠠᠰᠠᠷ ᠤᠨ 1106 ᠬᠢᠴᠢᠶᠡᠯ ᠦᠨ ᠭᠡᠷ ᠲᠦ ᠰᠤᠷᠤᠯᠭ᠎ᠠ ᠲᠡᠭᠦᠰᠬᠦ ᠶᠣᠰᠣᠯᠠᠯ ᠶᠠᠪᠤᠭᠤᠯᠪᠠ᠃ 4 ᠠᠶᠢᠮᠠᠭ ᠬᠤᠳᠠ ᠶᠢᠨ ᠨᠠᠮ ᠤᠨ ᠲᠡᠦᠬᠡ ᠣᠷᠣᠨ ᠨᠤᠲᠤᠭ ᠤᠨ ᠣᠶᠢᠯᠠᠯᠭ᠎ᠠ ᠶᠢᠨ ᠰᠠᠯᠠᠭ᠎ᠠ ᠮᠥᠴᠢᠷ ᠦᠨ ᠬᠠᠷᠢᠭᠤᠴᠠᠯᠭᠠᠲᠠᠨ ᠶᠠᠷᠢᠶ᠎ᠠ ᠲᠠᠯᠪᠢᠵᠤ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶᠢᠨ ᠨᠠᠮ ᠤᠨ ᠲᠡᠦᠬᠡ ᠪᠣᠯᠤᠨ ᠣᠷᠣᠨ ᠨᠤᠲᠤᠭ ᠤᠨ ᠣᠶᠢᠯᠠᠯᠭ᠎ᠠ ᠰᠤᠳᠤᠯᠬᠤ ᠲᠠᠰᠤᠭ ᠤᠨ ᠳᠡᠳ᠋ ᠡᠷᠬᠢᠯᠡᠭᠴᠢ ᠦ᠋ ᠬᠠᠢ ᠱᠠᠨ ᠳ᠋ᠦᠩᠨᠡᠯᠲᠡ ᠶᠢᠨ ᠶᠠᠷᠢᠶ᠎ᠠ ᠲᠠᠯᠪᠢᠵᠤ᠂ ᠪᠦᠬᠦ ᠰᠤᠷᠤᠭᠴᠢᠳ ᠲᠤ ᠰᠤᠷᠤᠯᠭ᠎ᠠ ᠲᠡᠭᠦᠰᠦᠭᠰᠡᠨ ᠦᠨᠡᠮᠯᠡᠯ ᠣᠯᠭᠣᠵᠤ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶᠢᠨ ᠨᠠᠮ ᠤᠨ ᠲᠡᠦᠬᠡ ᠪᠣᠯᠤᠨ ᠣᠷᠣᠨ ᠨᠤᠲᠤᠭ ᠤᠨ ᠣᠶᠢᠯᠠᠯᠭ᠎ᠠ ᠰᠤᠳᠤᠯᠬᠤ ᠲᠠᠰᠤᠭ ᠤᠨ ᠳᠡᠳ᠋ ᠡᠷᠬᠢᠯᠡᠭᠴᠢ ᠯᠢ ᠬᠣᠩ ᠰᠤᠷᠤᠯᠭ᠎ᠠ ᠲᠡᠭᠦᠰᠬᠦ ᠶᠣᠰᠣᠯᠠᠯ ᠢ ᠡᠷᠬᠢᠯᠡᠪᠡ᠃

ᠲᠠᠰᠤᠭ ᠤᠨ ᠤᠳᠤᠷᠢᠳᠬᠤ ᠪᠠᠭ ᠨᠢ ᠲᠣᠰ ᠤᠳᠠᠭᠠᠨ ᠤ ᠪᠣᠯᠪᠠᠰᠤᠷᠠᠭᠤᠯᠤᠯ ᠢ ᠳᠡᠭᠡᠳᠦ ᠬᠡᠮᠵᠢᠶ᠎ᠡ ᠪᠡᠷ ᠴᠢᠬᠤᠯᠠᠴᠢᠯᠠᠨ ᠦᠵᠡᠵᠦ ᠂ ᠤᠷᠢᠳᠴᠢᠯᠠᠨ ᠵᠣᠬᠢᠶᠠᠨ ᠪᠠᠶᠢᠭᠤᠯᠤᠨ ᠲᠥᠯᠥᠪᠯᠡᠵᠦ ᠂ ᠵᠢᠭᠠᠨ ᠰᠤᠷᠭᠠᠯᠲᠠ ᠶᠢᠨ ᠲᠠᠶᠢᠯᠤᠮᠵᠢ ᠂ ᠰᠣᠯᠢᠯᠴᠠᠵᠤ ᠰᠤᠳᠤᠯᠤᠨ ᠶᠠᠷᠢᠯᠴᠠᠬᠤ ᠪᠠ ᠪᠣᠯᠪᠠᠰᠤᠷᠠᠭᠤᠯᠬᠤ ᠡᠳᠦᠷ ᠦᠨ ᠳᠠᠷᠠᠭᠠᠯᠠᠯ ᠢ ᠴᠥᠮ ᠨᠠᠷᠢᠨ ᠨᠢᠮᠪᠠᠶ ᠲᠣᠬᠢᠷᠠᠭᠤᠯᠵᠠᠶ ᠃ ᠪᠣᠯᠪᠠᠰᠤᠷᠠᠭᠤᠯᠤᠯ ᠢᠶᠠᠷ ᠲᠠᠮᠵᠢᠨ᠂ ᠥᠷᠭᠡᠨ ᠤᠯᠠᠨ ᠨᠠᠮ ᠤᠨ ᠭᠡᠰᠢᠭᠦᠨ ᠺᠠᠳ᠋ᠷ ᠨᠠᠮ ᠤᠨ ᠬᠣᠷᠢᠳᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠬᠤ᠂ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠢ ᠦᠷᠭᠦᠯᠵᠢᠯᠡᠨ ᠠᠬᠢᠭᠤᠯᠬᠤ᠂ ᠭᠣᠣᠯ ᠰᠡᠳᠦᠪᠲᠦ ᠬᠥᠮᠦᠵᠢᠯ ᠢ ᠭᠦᠨᠵᠡᠭᠡᠢ ᠥᠷᠨᠢᠭᠦᠯᠬᠦ ᠦᠵᠡᠯ ᠰᠠᠨᠠᠭᠠᠨ ᠤ ᠰᠠᠭᠤᠷᠢ ᠶᠢ ᠪᠠᠲᠤᠳᠬᠠᠪᠠ᠃ ᠬᠣᠩ ᠴᠢ ᠴᠢᠦᠶ ᠵᠣᠪᠠᠭᠤᠷᠢ ᠵᠦᠳᠡᠭᠦᠷᠢ ᠶᠢ ᠲᠡᠰᠪᠦᠷᠢᠯᠡᠬᠦ᠂ ᠲᠡᠰᠪᠦᠷᠢ ᠬᠠᠲᠠᠭᠤᠵᠢᠯᠲᠠᠢ ᠪᠠᠷ ᠲᠡᠮᠡᠴᠡᠬᠦ ᠵᠣᠷᠢᠭ ᠰᠠᠨᠠᠭᠠᠨ ᠤ ᠬᠡᠪ ᠴᠢᠨᠠᠷ ᠢ ᠪᠠᠳᠠᠷᠠᠭᠤᠯᠬᠤ ᠵᠣᠷᠢᠭ ᠢ ᠪᠠᠲᠤᠳᠬᠠᠵᠤ᠂ ᠬᠣᠩ ᠴᠢ ᠴᠢᠦᠶ ᠵᠣᠷᠢᠭ ᠰᠠᠨᠠᠭ᠎ᠠ ᠶᠢ ᠲᠡᠦᠬᠡ ᠣᠶᠢᠯᠠᠯᠭ᠎ᠠ ᠶᠢᠨ ᠦᠢᠯᠡᠰ ᠦᠨ ᠬᠥᠭᠵᠢᠯᠲᠡ ᠶᠢ ᠠᠬᠢᠭᠤᠯᠬᠤ ᠬᠦᠴᠦᠷᠬᠡᠭ ᠶᠡᠬᠡ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠵᠤ᠂ ᠲᠡᠦᠬᠡ ᠣᠶᠢᠯᠠᠯᠭ᠎ᠠ ᠶᠢᠨ ᠠᠵᠢᠯ ᠤᠨ ᠲᠦᠪᠰᠢᠨ ᠪᠣᠯᠤᠨ ᠲᠤᠬᠠᠶᠢᠯᠠᠭᠰᠠᠨ ᠠᠵᠢᠯ ᠤᠨ ᠴᠢᠳᠠᠪᠤᠷᠢ ᠶᠢ ᠦᠨᠡᠨᠬᠦ ᠳᠡᠭᠡᠭᠰᠢᠯᠡᠭᠦᠯᠪᠡ᠃