ᠵᠤᠬᠢᠶᠠᠭᠴᠢ:
ᠴᠠᠭ:2019-10-12
ᠥᠵᠡᠭᠰᠡᠨ : ℃
ᠢᠷᠡᠯᠲᠡ:
ᠬᠠᠯᠠᠭᠤᠨ ᠷᠠᠰᠢᠶᠠᠨ

ᠬᠠᠯᠠᠭᠤᠨ ᠷᠠᠰᠢᠶᠠᠨ ᠨᠢ ᠥᠪᠥᠷ ᠮᠣᠩᠭᠣᠯ ᠤᠨ ᠬᠢᠩᠭᠠᠨ ᠠᠶᠢᠮᠠᠭ ᠤᠨ ᠷᠠᠰᠢᠶᠠᠨ ᠬᠣᠲᠠ ᠶᠢᠨ ᠳᠤᠮᠳᠠ ᠬᠡᠰᠡᠭ ᠪᠠᠷᠠᠭᠤᠨ ᠬᠣᠷᠮᠣᠶ ᠳᠤ ᠪᠠᠶᠢᠷᠢᠯᠠᠵᠤ ᠂ ᠳᠤᠮᠳᠠᠳᠤ ᠤᠯᠤᠰ ᠬᠠᠮᠤᠭ ᠤᠨ ᠶᠡᠬᠡ ᠰᠠᠴᠤᠷᠠᠭ ᠴᠢᠨᠠᠷ ᠪᠦᠬᠦᠢ ᠥᠪᠥᠷ ᠮᠣᠩᠭᠣᠯ ᠤᠨ ᠠᠯᠳᠠᠷᠲᠤ ᠷᠠᠰᠢᠶᠠᠨ ᠰᠤᠪᠢᠯᠠᠯᠲᠠ ᠶᠢᠨ ᠭᠠᠵᠠᠷ ᠪᠣᠯᠤᠨ᠎ᠠ ᠃

ᠷᠠᠰᠢᠶᠠᠨ ᠨᠢ 48 ᠪᠤᠯᠠᠭ ᠤᠮᠠᠷᠠᠰᠢ 500 ᠮᠧᠲ᠋ᠷ ᠤᠷᠲᠤ ᠂ ᠪᠠᠷᠠᠭᠤᠨᠰᠢ 70 ᠭᠠᠷᠤᠶ ᠮᠧᠲ᠋ᠷ ᠬᠡᠪᠴᠢᠶᠡᠨ ᠳᠦ ᠲᠠᠷᠬᠠᠵᠤ ᠃ ᠬᠦᠢᠲᠡᠨ ᠷᠠᠰᠢᠶᠠᠨ ᠂ ᠷᠠᠰᠢᠶᠠᠨ ᠂ ᠪᠤᠯᠠᠭ ᠂ ᠥᠨᠳᠥᠷ ᠬᠠᠯᠠᠭᠤᠨ ᠷᠠᠰᠢᠶᠠᠨ ᠭᠡᠵᠦ 4 ᠬᠤᠪᠢᠶᠠᠵᠤ ᠂ ᠪᠤᠯᠠᠭ ᠤᠨ ᠤᠰᠤᠨ ᠤ ᠬᠠᠮᠤᠭ ᠳᠤᠯᠠᠭᠠᠨ ᠤ ᠬᠡᠮᠵᠢᠶ᠎ᠡ ᠨᠢ 1.5 ᠪᠠᠶᠢᠵᠤ ᠂ ᠾᠯᠣᠷ ᠂ ᠮᠠᠭᠨᠢ ᠂ ᠬᠦᠬᠦᠷ ᠂ ᠴᠠᠬᠢᠭᠤᠷ ᠵᠡᠷᠭᠡ 10 ᠭᠠᠷᠤᠶ ᠵᠦᠶᠯ ᠦᠨ ᠡᠯᠧᠮᠧᠨ᠋ᠲ ᠠᠭᠤᠯᠵᠤ ᠪᠠᠶᠳᠠᠭ ᠃ ᠷᠠᠰᠢᠶᠠᠨ ᠨᠢ ᠣᠯᠠᠨ ᠵᠦᠶᠯ ᠦᠨ ᠡᠪᠡᠳᠴᠢᠨ ᠡᠮᠭᠡᠭ ᠲᠦ ᠮᠠᠰᠢ ᠰᠠᠶᠢᠨ ᠡᠮᠴᠢᠯᠡᠭᠡᠨ ᠦ ᠦᠶᠯᠡᠳᠦᠯ ᠲᠡᠶ ᠂ ᠣᠨᠴᠠᠭᠠᠶᠢᠯᠠᠨ ᠂ ᠦᠬᠡᠷ ᠢᠯᠢᠳᠦ ᠵᠡᠷᠭᠡ ᠡᠪᠡᠳᠴᠢᠨ ᠳᠦ ᠣᠨᠴᠠᠭᠠᠢ ᠡᠮᠴᠢᠯᠡᠭᠡᠨ ᠠᠴᠢ ᠲᠤᠰᠠ ᠲᠠᠶ ᠃

ᠷᠠᠰᠢᠶᠠᠨ ᠳᠠᠯᠠᠢ ᠶᠢᠨ ᠲᠦᠪᠰᠢᠨ ᠡᠴᠡ 1000 ᠭᠠᠷᠤᠶ ᠮᠧᠲ᠋ᠷ ᠡᠷᠭᠦᠭᠳᠡᠵᠦ ᠂ ᠠᠭᠠᠷ ᠴᠡᠪᠡᠷ ᠲᠤᠩᠭᠠᠯᠠᠭ ᠂ ᠵᠤᠨ ᠤ ᠨᠡᠷᠡᠨ ᠭᠡᠷᠡᠯ ᠭᠦᠶᠴᠡᠳ ᠂ ᠰᠡᠷᠢᠭᠦᠨ ᠲᠠᠭᠠᠯᠠᠮᠵᠢᠲᠠᠶ ᠵᠤᠰᠠᠯᠠᠩ ᠤᠨ ᠦᠵᠡᠮᠵᠢᠲᠦ ᠣᠷᠣᠨ ᠪᠣᠯᠤᠨ᠎ᠠ ᠃ ᠡᠪᠦᠯ ᠤᠯᠠᠷᠢᠯ ᠨᠢ 7 ᠰᠠᠷ᠎ᠠ ᠪᠠᠶᠢᠵᠤ ᠂ ᠲᠠᠮᠢᠷ ᠤᠨ ᠬᠥᠳᠡᠯᠭᠡᠭᠡᠨ ᠠᠩ ᠃ ᠬᠠᠯᠠᠭᠤᠨ ᠷᠠᠰᠢᠶᠠᠨ ᠤ ᠡᠷᠭᠢᠨ ᠲᠣᠭᠣᠷᠢᠨ ᠳᠤ ᠣᠢ ᠮᠣᠳᠣ ᠢᠭᠴᠤ ᠰᠠᠬᠤᠯᠢᠭ᠂ ᠬᠥᠬᠡ ᠨᠠᠷᠠᠰᠤ ᠴᠠᠭᠠᠨ ᠬᠤᠰᠤ ᠬᠠᠳᠠ ᠶᠢ ᠂ ᠬᠣᠪᠣᠷ ᠴᠤᠬᠠᠭ ᠡᠮ ᠦᠨ ᠮᠠᠲ᠋ᠧᠷᠢᠶᠠᠯ ᠭᠠᠵᠠᠷ ᠰᠠᠢ ᠦᠭᠡᠢ ᠃