ᠵᠤᠬᠢᠶᠠᠭᠴᠢ:
ᠴᠠᠭ:2020-05-13
ᠥᠵᠡᠭᠰᠡᠨ : ℃
ᠢᠷᠡᠯᠲᠡ:
ᠵᠢᠦ ᠴᠧᠩ ᠭᠦᠩ ᠠᠮᠢ ᠠᠬᠤᠶ ᠶᠢᠨ ᠬᠦᠷᠢᠶᠡᠯᠡᠩ
ᠵᠢᠦ ᠴᠧᠩ ᠭᠦᠩ ᠠᠮᠢ ᠠᠬᠤᠶ ᠶᠢᠨ ᠬᠦᠷᠢᠶᠡᠯᠡᠩ ᠪᠣᠯ ᠤᠯᠤᠰ ᠤᠨ 3A ᠲᠠᠰ ᠤᠨ ᠵᠢᠭᠤᠯᠴᠢᠯᠠᠯ ᠤᠨ ᠦᠵᠡᠮᠵᠢ ᠶᠢᠨ ᠣᠷᠣᠨ ᠪᠣᠯᠤᠨ᠎ᠠ ᠃ ᠤᠷᠳᠤᠰ ᠬᠤᠳᠠ ᠶᠢᠨ ᠳ᠋ᠦᠩᠱᠧᠩ ᠲᠣᠭᠣᠷᠢᠭ ᠤᠨ ᠬᠠᠨᠳᠠᠢ ᠪᠠᠯᠭᠠᠰᠤ 8 ᠭᠠᠵᠠᠷ ᠲᠤ ᠂ ᠤᠷᠳᠤᠰ ᠬᠤᠳᠠ ᠶᠢᠨ ᠳ᠋ᠦᠩᠱᠧᠩ ᠲᠣᠭᠣᠷᠢᠭ ᠠᠴᠠ 20 ᠵᠠᠶᠢᠲᠠᠢ ᠃
2003 ᠣᠨ ᠳᠤ ᠲᠤ ᠵᠢᠩᠬᠢᠨᠢ ᠪᠡᠷ ᠨᠡᠭᠡᠭᠡᠯᠲᠡ ᠬᠢᠪᠡ ᠃ ᠠᠮᠢ ᠠᠬᠤᠢ ᠶᠢᠨ ᠬᠦᠷᠢᠶᠡᠯᠡᠩ 5.2 ᠲᠡᠭᠰᠢ ᠳᠥᠷᠪᠡᠯᠵᠢᠨ ᠺᠢᠯᠣᠮᠧᠲ᠋ᠷ ᠭᠠᠵᠠᠷ ᠡᠵᠡᠯᠡᠵᠦ ᠂ 10 ᠭᠠᠷᠤᠶ ᠵᠢᠯ ᠦᠨ ᠠᠮᠢ ᠠᠬᠤᠶ ᠶᠢᠨ ᠪᠦᠲᠦᠭᠡᠨ ᠪᠠᠶᠢᠭᠤᠯᠤᠯᠲᠠ ᠪᠣᠯᠤᠨ ᠣᠷᠴᠢᠨ ᠲᠣᠭᠣᠷᠢᠨ ᠢ ᠵᠠᠰᠠᠬᠤ ᠪᠠᠷ ᠳᠠᠮᠵᠢᠭᠠᠳ ᠂ ᠠᠭᠤᠯᠠ ᠦᠵᠡᠮᠵᠢ ᠨᠢ ᠲᠠᠭᠠᠯᠠᠮᠵᠢᠲᠠᠶ ᠵᠢᠭᠤᠯᠴᠢᠯᠠᠯ ᠤᠨ ᠭᠠᠵᠠᠷ ᠪᠣᠯᠵᠠᠶ ᠃ ᠭᠣᠣᠯᠳᠠᠭᠤ ᠠᠮᠢ ᠠᠬᠤᠢ ᠶᠢᠨ ᠬᠦᠷᠢᠶᠡᠯᠡᠩ᠂ ᠰᠡᠯᠡᠭᠦᠴᠡᠯ ᠵᠤᠭ᠎ᠠ ᠴᠡᠩᠭᠡᠯ᠂ ᠵᠠᠩ ᠭᠤᠷᠪᠠᠨ ᠶᠡᠬᠡ ᠴᠢᠳᠠᠮᠵᠢᠳᠤ ᠣᠷᠣᠨ ᠢᠶᠠᠷ ᠪᠦᠷᠢᠯᠳᠦᠭᠰᠡᠨ ᠤᠨ ᠬᠦᠷᠢᠶᠡᠯᠡᠩ ᠲᠣᠭᠣᠷᠢᠭ ᠪᠣᠯᠤᠨ᠎ᠠ᠃ ᠵᠢᠭᠤᠯᠴᠢᠯᠠᠯ ᠤᠨ ᠦᠵᠡᠮᠵᠢ ᠳᠦ ᠠᠮᠢ ᠠᠬᠤᠶ ᠶᠢᠨ ᠬᠣᠭᠣᠯᠠᠨ ᠬᠡᠷ ᠂ ᠢᠳᠡᠰᠢᠨ ᠨᠣᠭᠣᠭ᠎ᠠ ᠰᠠᠭᠤᠷᠢᠨ ᠭᠠᠵᠠᠷ ᠂ ᠮᠢᠬᠠᠨ ᠢᠳᠡᠭᠡᠨ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ ᠂ ᠵᠣᠴᠢᠨ ᠤ ᠥᠷᠥᠭᠡ ᠂ ᠬᠥᠳᠡᠭᠡ ᠲᠣᠰᠬᠣᠨ ᠤ ᠬᠡᠷ ᠪᠠᠶᠢᠰᠢᠩ ᠵᠡᠷᠭᠡ ᠪᠣᠶ ᠰᠡᠯᠡᠭᠦᠴᠡᠯ ᠵᠤᠭ᠎ᠠ ᠴᠡᠩᠭᠡᠯ ᠦᠨ ᠣᠷᠣᠨ ᠳᠤ ᠤᠰᠤᠨ ᠳᠡᠭᠡᠷᠡᠬᠢ ᠴᠡᠩᠭᠡᠯ ᠦᠨ ᠣᠷᠣᠨ ᠂ ᠣᠩᠭᠣᠴᠠ ᠰᠡᠯᠢᠬᠦ ᠂ ᠵᠢᠭᠠᠰᠤ ᠭᠥᠬᠢᠳᠡᠬᠦ ᠂ ᠪᠡᠶ᠎ᠡ ᠣᠷᠣᠨ ᠂ ᠠᠮᠢᠲᠠᠨ ᠤ ᠦᠵᠡᠮᠦᠷᠢ ᠶᠢᠨ ᠬᠦᠷᠢᠶᠡᠯᠡᠩ ᠂ ᠲᠠᠷᠢᠶᠠᠯᠠᠩ ᠤᠨ ᠦᠵᠡᠰᠬᠦᠯᠡᠩ ᠵᠡᠷᠭᠡ ᠪᠣᠶ ᠃