ᠵᠤᠬᠢᠶᠠᠭᠴᠢ:
ᠴᠠᠭ:2019-09-06
ᠥᠵᠡᠭᠰᠡᠨ : ℃
ᠢᠷᠡᠯᠲᠡ:
ᠳᠣᠯᠣᠨᠨᠤᠤᠷ ᠰᠢᠶᠠᠨ ᠤ ᠭᠣᠣ ᠳᠣᠲᠤᠷᠠᠬᠢ ᠣᠢ ᠰᠢᠭᠤᠶ

ᠭᠣᠣ ᠳᠣᠲᠤᠷᠠᠬᠢ ᠣᠢ ᠰᠢᠭᠤᠶ ᠨᠢ ᠰᠢᠯᠢ ᠶᠢᠨ ᠠᠶᠢᠮᠠᠭ ᠤᠨ ᠳᠣᠯᠣᠨᠨᠤᠤᠷ ᠰᠢᠶᠠᠨ ᠤ ᠬᠣᠲᠠ ᠠᠴᠠ ᠤᠮᠠᠷᠠᠰᠢ ᠂ ᠳᠣᠯᠣᠨᠨᠤᠤᠷ ᠪᠠᠯᠭᠠᠰᠤ ᠠᠴᠠ ᠪᠠᠷᠤᠭ 50 ᠺᠢᠯᠣᠮᠧᠲ᠋ᠷ ᠤᠨ ᠵᠠᠶ ᠳᠤ ᠪᠠᠶᠢᠷᠢᠯᠠᠵᠤ ᠪᠠᠶᠢᠳᠠᠭ ᠃ ᠬᠤᠯᠠᠨ ᠰᠢᠷᠭ᠎ᠠ ᠳᠠᠭ᠎ᠠ ᠶᠢᠨ ᠡᠯᠡᠰᠦᠷᠬᠡᠭ ᠭᠠᠵᠠᠷ ᠤᠨ ᠡᠮᠦᠨ᠎ᠡ ᠵᠠᠬ᠎ᠠ ᠶᠢᠨ ᠰᠢᠷ᠎ᠠ ᠡᠯᠡᠰᠦᠨ ᠳᠦ ᠨᠢᠭᠡᠨ ᠵᠣᠷᠪᠣᠰ ᠨᠣᠭᠣᠭᠠᠨ 《 》 ᠪᠠᠶᠢᠳᠠᠭ ᠃ ᠭᠠᠵᠠᠷ ᠤᠨ ᠭᠠᠳᠠᠷᠭᠤ ᠠᠴᠠ ᠬᠠᠷᠠᠬᠤ ᠳᠦ ᠦᠷᠭᠦᠯᠵᠢᠯᠡᠭᠰᠡᠨ ᠡᠯᠡᠰᠦᠷᠬᠡᠭ ᠭᠠᠵᠠᠷ ᠪᠠᠶᠢᠪᠠᠴᠤ ᠂ ᠭᠣᠣ ᠳᠤ ᠣᠷᠣᠪᠠᠯ ᠬᠠᠷᠢᠨ ᠨᠢᠭᠡᠨ ᠮᠣᠷᠣᠯᠵᠠᠨ ᠤᠷᠤᠰᠤᠭᠰᠠᠨ ᠭᠣᠸᠯ ᠪᠠᠶᠢᠵᠤ ᠂ ᠡᠨᠡ ᠨᠢ ᠱᠧ ᠫᠢ ᠾᠧ ᠪᠣᠯᠤᠨ᠎ᠠ ᠃ ᠬᠠᠪᠴᠢᠯ ᠤᠨ ᠤᠷᠳᠤ ᠨᠢ ᠪᠠᠷᠤᠭ 15 ᠺᠢᠯᠣᠮᠧᠲ᠋ᠷ ᠂ ᠥᠷᠭᠡᠨ ᠨᠢ ᠪᠠᠷᠤᠭ 200 ᠮᠧᠲ᠋ᠷ ᠂ ᠭᠦᠨ ᠨᠢ ᠪᠠᠷᠤᠭ 50 ᠮᠧᠲ᠋ᠷ ᠪᠠᠶᠢᠳᠠᠭ ᠃ ᠤᠨ ᠬᠣᠶᠠᠷ ᠡᠷᠭᠢ ᠨᠢ ᠢᠭᠴᠤ ᠰᠠᠬᠤᠯᠢᠭ ᠨᠣᠭᠣᠭᠠᠨ ᠣᠢ ᠶᠢᠨ ᠪᠦᠰᠡ ᠪᠠᠶᠢᠵᠤ ᠂ ᠵᠡᠭᠦᠨ ᠡᠴᠡ ᠪᠠᠷᠠᠭᠤᠨᠰᠢ ᠰᠤᠨᠤᠯᠵᠠᠳᠠᠭ ᠂ ᠲᠡᠷᠡ ᠪᠣᠯ ᠳᠠᠷᠤᠶ ᠳᠣᠯᠣᠨᠨᠤᠤᠷ ᠰᠢᠶᠠᠨ ᠤ ᠱᠧ ᠫᠢ ᠾᠧ ᠤᠨ 《 ᠭᠣᠣ ᠳᠣᠲᠤᠷᠠᠬᠢ ᠣᠢ ᠰᠢᠭᠤᠶ 》 ᠪᠣᠯᠤᠨ᠎ᠠ ᠃
ᠱᠧ ᠫᠢ ᠾᠧ ᠭᠣᠣᠯ ᠤᠨ 《ᠭᠣᠣ ᠳᠣᠲᠤᠷᠠᠬᠢ ᠣᠢ ᠰᠢᠭᠤᠶ 》 ᠪᠣᠯ ᠨᠡᠯᠦᠭᠡᠷ ᠰᠢᠷ᠎ᠠ ᠡᠯᠡᠰᠦᠷᠬᠡᠭ ᠳ᠋ᠡᠬᠢ ᠭᠠᠵᠠᠷ ᠨᠣᠭᠣᠭᠠᠨ ᠪᠦᠰᠡ ᠪᠣᠯᠬᠤ ᠪᠥᠭᠡᠳ ᠂ ᠮᠥᠨ ᠴᠦ ᠡᠯᠡᠰᠦ ᠪᠠ ᠤᠰᠤ ᠂ ᠡᠯᠡᠰᠦᠨ ᠪᠦᠰᠡ ᠪᠠ ᠤᠷᠭᠤᠮᠠᠯ ᠂ ᠠᠮᠢᠲᠠᠨ ᠪᠠ ᠤᠷᠭᠤᠮᠠᠯ ᠡᠶ᠎ᠡ ᠵᠣᠬᠢᠴᠠᠯ ᠲᠠᠶ ᠪᠠᠷ ᠬᠠᠮᠲᠤ ᠣᠷᠣᠰᠢᠵᠤ ᠂ ᠠᠮᠢ ᠠᠬᠤᠶ ᠲᠡᠩᠴᠡᠭᠦᠷᠢᠲᠡᠶ ᠪᠠᠶᠢᠭ᠎ᠠ ᠶᠢᠷᠲᠢᠨᠴᠦ ᠶᠢᠨ ᠲᠦᠢᠯ ᠦᠨ ᠬᠣᠪᠣᠷ ᠦᠵᠡᠭᠳᠡᠯ ᠪᠣᠯᠤᠨ᠎ᠠ ᠃ ᠲᠡᠷᠡ ᠨᠢ ᠤᠯᠤᠰ ᠤᠨ ᠠᠩᠬᠠᠳᠠᠭᠴᠢ ᠪᠦᠯᠦᠭ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠢᠶᠠᠷ ᠲᠣᠭᠲᠠᠭᠠᠭᠳᠠᠭᠰᠠᠨ ᠲᠦᠩᠯᠢᠶᠣᠤ ᠬᠣᠲᠠ ᠶᠢᠨ ᠬᠣᠷᠴᠢᠨ ᠤ ᠡᠯᠡᠰᠦᠷᠬᠡᠭ ᠭᠠᠵᠠᠷ ᠤᠨ 《ᠴᠦᠩᠬᠦᠯ ᠦᠨ ᠭᠣᠣ》 ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠲᠠᠶ ᠠᠳᠠᠯᠢᠳᠬᠠᠵᠤ ᠪᠣᠯᠬᠤ ᠨᠡᠭᠡᠭᠡᠨ ᠠᠰᠢᠭᠯᠠᠬᠤ ᠴᠢᠬᠤᠯᠠᠲᠠᠶ ᠠᠮᠢ ᠠᠬᠤᠢ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠪᠣᠯᠤᠨ᠎ᠠ ᠃