ᠵᠤᠬᠢᠶᠠᠭᠴᠢ:
ᠴᠠᠭ:2019-07-26
ᠥᠵᠡᠭᠰᠡᠨ : ℃
ᠢᠷᠡᠯᠲᠡ:
—
ᠪᠣᠭᠣᠮᠲᠠ ᠨᠡᠪᠲᠡᠷᠡᠬᠦ ᠵᠠᠮ ᠨᠢ ᠳᠤᠮᠳᠠᠳᠤ ᠮᠣᠩᠭᠣᠯ ᠤᠨ ᠬᠢᠯᠢ 1382 ᠨᠣᠮᠧᠷᠲᠤ ᠬᠢᠯᠢ ᠣᠶᠢᠷᠠᠯᠴᠠᠭ᠎ᠠ ᠃ ᠪᠣᠭᠣᠮᠲᠠ ᠬᠣᠶᠠᠷ ᠲᠠᠯ᠎ᠠ ᠨᠢ ᠲᠤᠰ ᠲᠤᠰ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠠᠶᠢᠮᠠᠭ ᠤᠨ ᠷᠠᠰᠢᠶᠠᠨ ᠬᠣᠲᠠ ᠪᠠ ᠮᠣᠩᠭᠣᠯ ᠤᠯᠤᠰ ᠳᠣᠷᠣᠨᠠᠲᠤ ᠠᠶᠢᠮᠠᠭ ᠤᠨ ᠪᠣᠯᠤᠨ᠎ᠠ ᠃ ᠲᠣᠰ ᠪᠣᠭᠣᠮᠲᠠ ᠪᠣᠯ ᠣᠯᠠᠨ ᠤᠯᠤᠰ ᠴᠢᠨᠠᠷᠲᠠᠶ ᠤᠯᠠᠷᠢᠯ ᠤᠨ ᠨᠡᠭᠡᠭᠡᠯᠲᠡᠲᠦ ᠪᠣᠭᠣᠮᠲᠠ ᠪᠣᠯᠤᠨ᠎ᠠ ᠃ ᠪᠣᠭᠣᠮᠲᠠ ᠨᠡᠭᠡᠭᠡᠯᠲᠡ ᠬᠢᠬᠦ ᠴᠠᠭ ᠨᠢ ᠵᠢᠯ ᠪᠦᠷᠢ 6 ᠳ᠋ᠤᠭᠠᠷ ᠰᠠᠷ᠎ᠠ 11 — 30 ᠡᠳᠦᠷ ᠂ 7 ᠳ᠋ᠤᠭᠠᠷ ᠰᠠᠷ᠎ᠠ 16 — 30 ᠡᠳᠦᠷ ᠂ 8 ᠳ᠋ᠤᠭᠠᠷ ᠰᠠᠷ᠎ᠠ 16 ᠡᠳᠦᠷ ᠡᠴᠡ 9 ᠰᠠᠷ᠎ᠠ 25 ᠦ ᠡᠳᠦᠷ ᠪᠣᠯᠤᠨ᠎ᠠ ᠃ ᠪᠣᠭᠣᠮᠲᠠ ᠨᠡᠭᠡᠭᠡᠯᠲᠡ ᠬᠤᠭᠤᠴᠠᠭᠠᠨ ᠳᠤ ᠂ ᠳᠤᠮᠳᠠᠳᠤ ᠲᠠᠯ᠎ᠠ ᠠᠵᠢᠯᠯᠠᠬᠤ ᠴᠠᠭ ᠨᠢ ᠪᠡᠭᠡᠵᠢᠩ ᠴᠠᠭ 8 ᠄ 00 — 17 ᠄ 00 ᠂ ᠮᠣᠩᠭᠣᠯ ᠤᠨ ᠲᠠᠯ᠎ᠠ ᠠᠵᠢᠯᠯᠠᠬᠤ ᠴᠠᠭ ᠨᠢ ᠤᠯᠠᠭᠠᠨᠪᠠᠭᠠᠲᠤᠷ ᠤᠨ ᠴᠠᠭ 8 ᠄ 00 — 17 ᠄ 00 ᠵᠣᠨ ᠤ ᠴᠠᠭ ᠨᠢ 9 ᠄ 00 — 18 ᠄ 00 ᠪᠣᠯᠤᠨ᠎ᠠ ᠃
ᠷᠠᠰᠢᠶᠠᠨ ᠣᠷᠣᠨ ᠳᠡᠭᠡᠷ᠎ᠡ ᠳᠤᠮᠳᠠᠳᠤ ᠮᠣᠩᠭᠣᠯ ᠤᠨ ᠬᠣᠭᠣᠷᠣᠨᠳᠣᠬᠢ ᠠᠵᠤ ᠠᠬᠤᠶ ᠠᠷᠠᠯᠵᠢᠶᠠᠨ ᠤ ᠠᠵᠢᠯᠯᠠᠭ᠎ᠠ ᠪᠠ ᠬᠥᠮᠦᠰ ᠶᠠᠪᠤᠯᠴᠠᠭ᠎ᠠ ᠴᠢᠬᠤᠯᠠ ᠵᠠᠮ ᠤᠨ ᠨᠢᠭᠡ ᠪᠣᠯᠤᠭᠰᠠᠭᠠᠷ ᠢᠷᠡᠵᠡᠢ ᠃ 20 ᠳ᠋ᠤᠭᠠᠷ ᠵᠠᠭᠤᠨ ᠤ ᠭᠤᠴᠢᠭᠠᠳ ᠣᠨ ᠡᠮᠦᠨ᠎ᠡ ᠂ ᠵᠢᠯ ᠪᠦᠷᠢ ᠶᠡᠬᠡ ᠬᠡᠮᠵᠢᠶᠡᠨ ᠮᠣᠩᠭᠣᠯ ᠤᠨ ᠲᠠᠯ᠎ᠠ ᠨᠤᠲᠤᠭᠢᠷᠡᠭᠰᠡᠨ ᠮᠠᠯᠴᠢᠳ ᠪᠣᠯᠤᠨ ᠣᠷᠣᠰᠴᠤᠳ ᠡᠨᠳᠡ ᠡᠴᠡ ᠬᠢᠯᠢ ᠣᠷᠣᠵᠤ ᠷᠠᠰᠢᠶᠠᠨ ᠤ ᠬᠠᠯᠠᠭᠤᠨ ᠷᠠᠰᠢᠶᠠᠨ ᠳᠤ ᠣᠴᠢᠵᠤ ᠡᠪᠡᠳᠴᠢᠨ ᠵᠠᠰᠠᠵᠤ ᠰᠢᠷᠬ᠎ᠠ ᠪᠠᠨ ᠰᠤᠪᠢᠯᠠᠳᠠᠭ ᠪᠠᠶᠢᠵᠠᠶ ᠃ ᠢᠷᠭᠡᠨ ᠤᠯᠤᠰ 36 ᠣᠨ 1947 ᠣᠨ ᠳᠤ ᠂ ᠥᠪᠡᠷᠲᠡᠭᠡᠨ ᠵᠠᠰᠠᠬᠤ ᠣᠷᠣᠨ ᠤ ᠵᠠᠰᠠᠭ ᠣᠷᠳᠣᠨ ᠷᠠᠰᠢᠶᠠᠨ ᠳᠤ ᠬᠡᠷᠡᠭ ᠡᠷᠬᠢᠯᠡᠬᠦ ᠭᠠᠵᠠᠷ ᠪᠠᠶᠢᠭᠤᠯᠵᠤ ᠂ ᠥᠪᠥᠷ ᠮᠣᠩᠭᠣᠯ ᠤᠨ ᠬᠥᠮᠦᠰ ᠮᠣᠩᠭᠣᠯ ᠳᠤ ᠣᠴᠢᠬᠤ ᠪᠠ ᠠᠵᠤ ᠠᠬᠤᠶ ᠠᠷᠠᠯᠵᠢᠶᠠᠨ ᠤ ᠠᠵᠢᠯᠯᠠᠭ᠎ᠠ ᠬᠢᠬᠦ ᠶᠠᠪᠤᠳᠠᠯ ᠬᠠᠷᠢᠭᠤᠴᠠᠨ ᠃ ᠷᠠᠰᠢᠶᠠᠨ ᠪᠣᠯ ᠲᠤᠬᠠᠶ ᠳᠤ ᠥᠪᠡᠷᠲᠡᠭᠡᠨ ᠵᠠᠰᠠᠬᠤ ᠣᠷᠣᠨ ᠨᠢᠭᠡᠨ ᠴᠢᠬᠤᠯᠠ ᠬᠠᠭᠤᠷᠠᠶ ᠵᠠᠮ ᠤᠨ ᠪᠣᠭᠣᠮᠲᠠ ᠃ 1951 ᠣᠨ ᠳᠤ ᠬᠡᠷᠡᠭ ᠡᠷᠬᠢᠯᠡᠬᠦ ᠭᠠᠵᠠᠷ ᠬᠦᠴᠦᠨ ᠦᠭᠡᠢ ᠪᠣᠯᠭᠠᠵᠤ ᠂ ᠷᠠᠰᠢᠶᠠᠨ ᠤ ᠪᠣᠭᠣᠮᠲᠠ ᠴᠦ ᠳᠠᠭᠠᠯᠳᠤᠨ ᠵᠣᠭᠰᠣᠪᠠ ᠃ 1992 ᠣᠨ 6 ᠰᠠᠷ᠎ᠠ ᠳᠤ ᠂ ᠲᠥᠷᠦ ᠶᠠᠪᠤᠳᠠᠯ ᠤᠨ ᠠᠶᠢᠮᠠᠭ ᠲᠤ ᠷᠠᠰᠢᠶᠠᠨ ᠪᠣᠭᠣᠮᠲᠠ ᠪᠠᠢᠭᠤᠯᠵᠤ ᠂ ᠤᠯᠤᠰ ᠬᠣᠶᠠᠳᠤᠭᠠᠷ ᠲᠥᠷᠥᠯ ᠪᠣᠭᠣᠮᠲᠠ ᠪᠣᠯᠵᠠᠶ ᠃ 2004 ᠣᠨ 9 ᠰᠠᠷ᠎ᠠ ᠳᠤ ᠂ ᠳᠤᠮᠳᠠᠳᠤ ᠤᠯᠤᠰ ᠪᠣᠯᠤᠨ ᠮᠣᠩᠭᠣᠯ ᠤᠯᠤᠰ ᠭᠠᠷ ᠤᠨ ᠦᠰᠦᠭ ᠵᠢᠷᠤᠭᠰᠠᠨ ᠳᠤᠮᠳᠠᠳᠤ ᠮᠣᠩᠭᠣᠯ ᠤᠨ ᠬᠢᠯᠢ ᠪᠣᠭᠣᠮᠲᠠ ᠵᠢᠴᠢ ᠬᠠᠮᠢᠶᠠᠷᠤᠯᠲᠠ ᠶᠢᠨ ᠳᠦᠷᠢᠮ ᠲᠤᠬᠠᠶ ᠳᠤᠮᠳᠠᠳᠤ ᠤᠯᠤᠰ ᠵᠠᠰᠠᠭ ᠣᠷᠳᠣᠨ ᠪᠣᠯᠤᠨ ᠮᠣᠩᠭᠣᠯ ᠤᠯᠤᠰ ᠵᠠᠰᠠᠭ ᠣᠷᠳᠣᠨ ᠬᠡᠯᠡᠯᠴᠡᠭᠡᠷ ᠵᠢᠩᠬᠢᠨᠢ ᠪᠡᠷ ᠬᠦᠴᠦᠨ ᠲᠡᠶ ᠪᠣᠯᠵᠤ ᠂ ᠷᠠᠰᠢᠶᠠᠨ — ᠪᠣᠭᠣᠮᠲᠠ ᠣᠯᠠᠨ ᠤᠯᠤᠰ ᠨᠡᠭᠡᠭᠡᠯᠲᠡ ᠪᠣᠭᠣᠮᠲᠠ ᠪᠣᠯᠪᠠ ᠃