ᠵᠤᠬᠢᠶᠠᠭᠴᠢ:
ᠴᠠᠭ:2021-03-05
ᠥᠵᠡᠭᠰᠡᠨ : ℃
ᠢᠷᠡᠯᠲᠡ:
ᠬᠠᠴᠢᠨ ᠠᠭᠤᠯᠠ ᠵᠢᠭᠤᠯᠴᠢᠯᠠᠯ ᠤᠨ ᠣᠷᠣᠨ

ᠬᠠᠴᠢᠨ ᠠᠭᠤᠯᠠ ᠵᠢᠭᠤᠯᠴᠢᠯᠠᠯ ᠤᠨ ᠣᠷᠣᠨ ᠨᠢ ᠲᠦᠩᠯᠢᠶᠣᠤ ᠬᠣᠲᠠ ᠶᠢᠨ ᠬᠣᠸᠯᠢᠨ ᠭᠣᠸᠯ ᠬᠣᠲᠠ ᠠᠴᠠ ᠪᠠᠷᠠᠭᠤᠨ ᠬᠣᠶᠢᠰᠢ 14 ᠺᠢᠯᠣᠮᠧᠲ᠋ᠷ ᠵᠠᠶᠢᠲᠠᠶ ᠭᠠᠵᠠᠷ ᠲᠤ ᠪᠠᠶᠢᠷᠢᠯᠠᠵᠤ ᠂ ᠲᠦᠩᠯᠢᠶᠣᠤ ᠬᠣᠲᠠ ᠶᠢᠨ ᠬᠣᠷᠴᠢᠨ ᠲᠣᠭᠣᠷᠢᠭ ᠠᠴᠠ 320 ᠺᠢᠯᠣᠮᠧᠲ᠋ᠷ ᠵᠠᠶᠢᠲᠠᠶ ᠪᠠᠶᠢᠳᠠᠭ᠃ 2003 ᠣᠨ ᠳᠤ ᠵᠢᠩᠬᠢᠨᠢ ᠪᠡᠷ ᠲᠤ ᠨᠡᠭᠡᠭᠡᠪᠡ᠃ ᠵᠢᠭᠤᠯᠴᠢᠯᠠᠯ ᠤᠨ ᠣᠷᠣᠨ ᠤ ᠡᠵᠡᠯᠡᠵᠦ ᠪᠠᠶᠢᠭ᠎ᠠ 11.4 ᠲᠡᠭᠰᠢ ᠳᠥᠷᠪᠡᠯᠵᠢᠨ ᠂ ᠡᠵᠡᠩᠨᠡᠯᠲᠡ ᠶᠢᠨ ᠣᠷᠣᠨ ᠂ ᠤᠰᠤᠨ ᠴᠥᠭᠥᠷᠥᠮ ᠦᠨ ᠣᠷᠣᠨ ᠪᠣᠯᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠃ ᠬᠠᠴᠢᠨ ᠠᠭᠤᠯᠠ ᠶᠢᠨ ᠤᠤᠯ ᠨᠡᠷ᠎ᠡ ᠨᠢ ᠬᠥᠨᠳᠡᠶ ᠬᠠᠨ ᠠᠭᠤᠯᠠ ᠭᠡᠳᠡᠭ ᠬᠠᠮᠤᠭ ᠳᠠᠯᠠᠶ ᠶᠢᠨ ᠲᠦᠪᠰᠢᠨ ᠡᠴᠡ 1199.3 ᠮᠧᠲ᠋ᠷ ᠡᠷᠭᠦᠭᠳᠡᠵᠦ᠂ ᠳᠤᠮᠳᠠᠴᠢ ᠳᠠᠯᠠᠶ ᠶᠢᠨ ᠲᠦᠪᠰᠢᠨ ᠡᠴᠡ 1000 ᠮᠧᠲ᠋ᠷ ᠡᠷᠭᠦᠭᠳᠡᠭᠰᠡᠨ ᠃ ᠲᠡᠭᠦᠨ ᠦ ᠬᠡᠯᠪᠡᠷᠢ ᠳᠦᠷᠰᠦ ᠨᠢ ᠬᠠᠴᠢᠨ ᠰᠣᠨᠢᠨ ᠂ ᠠᠭᠤᠷ ᠠᠮᠢᠰᠬᠤᠯ ᠬᠡᠪ ᠦᠨ ᠪᠤᠰᠤ ᠂ ᠤᠷᠭᠤᠮᠠᠯ ᠤᠨ ᠬᠤᠴᠢᠯᠭ᠎ᠠ ᠬᠣᠪᠣᠷ ᠪᠠᠶᠢᠳᠠᠭ ᠪᠥᠭᠡᠳ ᠥᠨᠢ ᠤᠳᠠᠭᠠᠨ ᠤᠯᠠᠮᠵᠢᠯᠠᠯ ᠶᠠᠷᠢᠶ᠎ᠠ ᠪᠠᠶᠢᠳᠠᠭ ᠢᠶᠠᠷ ᠢᠶᠠᠨ ᠬᠠᠴᠢᠨ ᠠᠭᠤᠯᠠ ᠭᠡᠵᠦ ᠃ ᠠᠭᠤᠯᠠᠨ ᠬᠣᠷᠮᠣᠶ ᠳᠠᠬᠢ ᠬᠠᠪᠴᠢᠯ ᠤᠰᠤᠨ ᠴᠥᠭᠥᠷᠥᠮ ᠨᠢ 7 ᠪᠤᠯᠠᠭ ᠤᠨ ᠤᠰᠤ ᠪᠠᠷ ᠪᠦᠷᠢᠯᠳᠦᠵᠦ ᠂ ᠪᠤᠯᠠᠭ ᠤᠨ ᠤᠰᠤ ᠨᠢ ᠠᠮᠲᠠ ᠰᠠᠶᠢᠲᠠᠶ ᠪᠠᠶᠢᠳᠠᠭ᠃
ᠬᠠᠴᠢᠨ ᠠᠭᠤᠯᠠ ᠪᠠᠶᠢᠭᠠᠯᠢ ᠶᠢᠨ ᠠᠮᠢ ᠠᠬᠤᠶ ᠶᠢᠨ ᠬᠠᠮᠠᠭᠠᠯᠠᠯᠲᠠ ᠶᠢᠨ ᠣᠷᠣᠨ ᠬᠠᠪᠤᠷ ᠥᠩᠭᠡ ᠪᠦᠷᠢ ᠶᠢᠨ ᠴᠡᠴᠡᠭ ᠮᠢᠷᠠᠯᠵᠠᠨ ᠳᠡᠯᠭᠡᠷᠡᠵᠦ ᠂ ᠵᠣᠨ ᠣᠶ ᠮᠣᠳᠣ ᠬᠥᠬᠡᠷᠡᠨ ᠨᠣᠭᠣᠭᠠᠷᠠᠵᠤ ᠂ ᠨᠠᠮᠤᠷ ᠬᠠᠴᠢᠨ ᠠᠭᠤᠯᠠᠨ ᠳᠤ ᠪᠠᠯᠠᠷ ᠣᠶ ᠂ ᠲᠠᠯ᠎ᠠ ᠂ ᠠᠯᠲᠠᠨ ᠣᠷᠳᠣ ᠴᠠᠭᠠᠨ ᠬᠡᠷᠡᠮ ᠂ ᠮᠠᠶᠢᠷᠠᠨ ᠣᠪᠣᠭ᠎ᠠ ᠶᠢ ᠰᠣᠨᠢᠷᠬᠠᠵᠤ ᠪᠣᠯᠬᠤ ᠪᠠᠷ ᠪᠠᠷᠠᠬᠤ ᠥᠬᠡᠶ ᠂ ᠨᠠᠭᠠᠳᠤᠮ ᠤᠨ ᠬᠤᠷᠠᠯ ᠂ ᠲᠦᠳᠡᠭ ᠭᠠᠯ ᠤᠨ ᠦᠳᠡᠰᠢᠯᠡᠭᠡ ᠂ ᠮᠣᠷᠢ ᠤᠨᠤᠬᠤ ᠂ ᠰᠤᠷ ᠬᠠᠷᠪᠤᠬᠤ ᠂ ᠪᠥᠬᠡ ᠪᠠᠷᠢᠯᠳᠤᠬᠤ ᠵᠡᠷᠭᠡ ᠃