ᠵᠤᠬᠢᠶᠠᠭᠴᠢ:
ᠴᠠᠭ:2021-03-12
ᠥᠵᠡᠭᠰᠡᠨ : ℃
ᠢᠷᠡᠯᠲᠡ:
ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠪᠠᠶᠢᠭᠠᠯᠢ ᠶᠢᠨ ᠦᠵᠡᠮᠵᠢ ᠶᠢᠨ ᠭᠠᠵᠠᠷ ᠤᠨ ᠭᠠᠳᠠᠷᠭᠤ ᠨᠠᠭᠤᠷ ᠴᠥᠭᠥᠷᠥᠮ
ᠥᠪᠥᠷ ᠮᠣᠩᠭᠣᠯ ᠳᠤ ᠶᠡᠬᠡ ᠪᠠᠭ᠎ᠠ ᠨᠠᠭᠤᠷ ᠴᠥᠭᠥᠷᠥᠮ 1000 ᠭᠠᠷᠤᠶ ᠪᠠᠶᠢᠵᠤ ᠂ ᠶᠡᠷᠦᠩᠬᠡᠶ ᠲᠠᠯᠠᠪᠠᠶ ᠨᠢ 7000 ᠭᠠᠷᠤᠶ ᠲᠡᠭᠰᠢ ᠳᠥᠷᠪᠡᠯᠵᠢᠨ ᠺᠢᠯᠣᠮᠧᠲ᠋ᠷ ᠂ ᠡᠭᠦᠨ ᠳᠦ ᠲᠠᠯᠠᠪᠠᠶ ᠨᠢ 50 ᠲᠡᠭᠰᠢ ᠳᠥᠷᠪᠡᠯᠵᠢᠨ ᠺᠢᠯᠣᠮᠧᠲ᠋ᠷ ᠡᠴᠡ ᠶᠡᠬᠡ ᠨᠢ 10 ᠭᠠᠷᠤᠶ ᠪᠠᠶᠢᠵᠤ ᠂ 80 % ᠨᠢ ᠳᠠᠪᠤᠰᠤᠨ ᠨᠠᠭᠤᠷ ᠪᠣᠯᠤᠨ᠎ᠠ᠃ ᠭᠠᠵᠠᠷ ᠤᠨ ᠶᠢᠨ ᠂ ᠣᠯᠠᠩᠬᠢ ᠨᠢ ᠳᠣᠲᠣᠭᠠᠳᠤ ᠬᠠᠭᠤᠷᠠᠶ ᠨᠠᠭᠤᠷ ᠂ ᠱᠣᠷᠪᠣᠭ ᠨᠠᠭᠤᠷ ᠣᠯᠠᠨ ᠪᠠᠶᠢᠵᠤ ᠂ ᠳᠠᠪᠤᠰᠤ ᠂ ᠬᠤᠵᠢᠷ ᠂ ᠱᠡᠤ ᠡᠯᠪᠡᠭ ᠭᠠᠷᠳᠠᠭ ᠪᠥᠭᠡᠳ ᠺᠠᠯᠢ ᠂ ᠯᠢᠲ᠋ᠢ ᠂ ᠪᠤᠷ ᠂ ᠪᠷᠤᠮ ᠂ ᠢᠣᠳ᠋ ᠵᠡᠷᠭᠡ ᠡᠯᠧᠮᠧᠨ᠋ᠲ ᠬᠠᠳᠠᠭᠠᠯᠠᠵᠤ ᠪᠠᠶᠢᠳᠠᠭ᠃

ᠰᠠᠯᠬᠢᠨ ᠤ ᠢᠳᠡᠭᠳᠡᠯ ᠦᠨ ᠦᠶᠯᠡᠳᠦᠯ ᠢᠶᠡᠷ ᠪᠣᠶ ᠪᠣᠯᠤᠭᠰᠠᠨ ᠨᠠᠭᠤᠷ ᠴᠥᠭᠥᠷᠥᠮ ᠣᠯᠠᠨ ᠪᠠᠶᠢᠳᠠᠭ᠃ ᠰᠠᠯᠬᠢᠨ ᠳᠤ ᠢᠳᠡᠭᠳᠡᠭᠰᠡᠨ ᠬᠣᠲᠣᠭᠣᠷ ᠭᠠᠵᠠᠷ ᠨᠢ ᠳᠠᠯᠳᠠ ᠤᠰᠤᠨ ᠤ ᠨᠢᠭᠤᠷ ᠠᠴᠠ ᠳᠣᠣᠷ᠎ᠠ ᠪᠣᠯᠪᠠᠯ ᠳᠠᠷᠤᠶ ᠨᠠᠭᠤᠷ ᠪᠣᠯᠳᠠᠭ ᠂ ᠡᠯᠡᠰᠦᠷᠬᠡᠭ ᠣᠷᠣᠨ ᠤ ᠣᠯᠠᠩᠬᠢ ᠨᠢ ᠡᠶᠢᠮᠦ ᠲᠥᠷᠥᠯ ᠦᠨ ᠨᠠᠭᠤᠷ ᠪᠣᠯᠤᠨ᠎ᠠ᠃ ᠬᠠᠮᠤᠭ ᠶᠡᠬᠡ ᠬᠡᠪᠴᠢᠶ᠎ᠡ ᠲᠡᠶ ᠨᠠᠭᠤᠷ ᠪᠣᠯ ᠲᠣᠭᠲᠠᠴᠠ ᠶᠢᠨ ᠨᠠᠭᠤᠷ ᠪᠣᠯᠤᠨ᠎ᠠ ᠂ ᠵᠢᠱᠢᠶᠡᠯᠡᠪᠡᠯ ᠪᠠᠶᠠᠨ ᠬᠦᠷᠢᠶ᠎ᠡ ᠨᠠᠭᠤᠷ ᠂ ᠨᠠᠭᠤᠷ ᠵᠡᠷᠭᠡ ᠨᠢ ᠬᠠᠭᠠᠷᠠᠯ ᠲᠣᠭᠲᠠᠴᠠ ᠶᠢᠨ ᠳᠠᠭᠠᠤ ᠪᠣᠶᠢᠵᠢᠵᠤ ᠪᠤᠶ ᠪᠣᠯᠵᠠᠶ᠃ ᠬᠥᠯᠥᠨ ᠨᠠᠭᠤᠷ ᠂ ᠲᠠᠭ᠎ᠠ ᠶᠢᠨ ᠨᠠᠭᠤᠷ ᠵᠡᠷᠭᠡ ᠨᠢ ᠭᠠᠵᠠᠷ ᠤᠨ ᠰᠤᠪᠠᠭ ᠤᠨ ᠲᠣᠭᠲᠠᠴᠠ ᠶᠢᠨ ᠬᠣᠲᠣᠭᠣᠷ ᠲᠤ ᠪᠣᠶᠢᠵᠢᠳᠠᠭ᠃ ᠭᠣᠣᠯ ᠮᠥᠷᠡᠨ ᠦ ᠪᠤᠶ ᠪᠣᠯᠤᠭᠰᠠᠨ ᠭᠠᠵᠠᠷ ᠣᠷᠣᠨ ᠳᠤ ᠭᠣᠣᠯ ᠤᠨ ᠦᠯᠡᠳᠡᠭᠳᠡᠯ ᠲᠡᠶ ᠨᠠᠭᠤᠷ ᠪᠤᠶᠤ ᠰᠡᠭᠦᠯ ᠦᠨ ᠬᠣᠭᠣᠷᠣᠨᠳᠣᠬᠢ ᠨᠠᠭᠤᠷ ᠪᠤᠶ ᠪᠣᠯᠳᠠᠭ ᠂ ᠵᠢᠱᠢᠶᠡᠯᠡᠪᠡᠯ ᠨᠠᠭᠤᠷ ᠪᠣᠯ ᠳᠠᠷᠤᠶ ᠰᠢᠯᠢ ᠶᠢᠨ ᠭᠣᠣᠯ ᠤᠨ ᠳᠡᠭᠡᠳᠦ ᠤᠷᠤᠰᠬᠠᠯ ᠤᠨ ᠭᠣᠣᠯ ᠤᠨ ᠦᠯᠡᠳᠡᠭᠳᠡᠯ ᠲᠡᠶ ᠨᠠᠭᠤᠷ ᠪᠣᠯᠤᠨ᠎ᠠ ᠃ ᠠᠪᠠᠭ᠎ᠠ ᠬᠣᠰᠢᠭᠤᠨ ᠤ ᠪᠠᠶᠠᠨᠨᠠᠭᠤᠷ ᠂ ᠨᠠᠭᠤᠷ ᠂ ᠠᠯᠳᠠᠨ ᠨᠠᠭᠤᠷ ᠂ ᠪᠠᠶᠠᠨᠪᠠᠭᠠᠨᠠ ᠂ ᠬᠠᠢ ᠪᠠᠷᠠᠭᠤᠨ ᠨᠠᠭᠤᠷ ᠵᠡᠷᠭᠡ ᠨᠠᠭᠤᠷ ᠪᠣᠯ ᠴᠥᠮ ᠬᠠᠢ ᠪᠠᠷᠠᠭᠤᠨ ᠭᠣᠣᠯ ᠤᠨ ᠵᠠᠮ ᠤᠨ ᠦᠯᠡᠳᠡᠭᠳᠡᠯ ᠨᠠᠭᠤᠷ ᠪᠣᠯᠤᠨ᠎ᠠ ᠂ ᠠᠷᠤ ᠭᠠᠵᠠᠷ ᠤᠨ ᠭᠡᠷᠡᠯᠲᠦ ᠰᠤᠪᠤᠳ ᠤᠯᠠᠭᠠᠨᠰᠤᠬᠠᠢ ᠨᠠᠭᠤᠷ ᠪᠣᠯ ᠬᠠᠳᠤᠨ ᠭᠣᠣᠯ ᠤᠨ ᠵᠠᠮ ᠢ ᠥᠭᠡᠷᠡᠴᠢᠯᠡᠭᠰᠡᠨ ᠨᠠᠭᠤᠷ ᠪᠣᠯᠤᠨ᠎ᠠ᠃ ᠶᠡᠬᠡ ᠬᠢᠩᠭᠠᠨ ᠳᠠᠪᠠᠭ᠎ᠠ ᠶᠢᠨ ᠳᠣᠲᠣᠷᠠᠬᠢ ᠨᠠᠭᠤᠷ ᠤᠨ ᠣᠯᠠᠩᠬᠢ ᠨᠢ ᠭᠠᠯᠲᠤ ᠠᠭᠤᠯᠠ ᠶᠢᠨ ᠦᠶᠯᠡᠳᠦᠯ ᠲᠡᠶ ᠬᠣᠯᠪᠣᠭ᠎ᠠ ᠲᠠᠶ ᠪᠠᠶᠢᠳᠠᠭ ᠂ ᠵᠢᠱᠢᠶᠡᠯᠡᠪᠡᠯ ᠷᠠᠰᠢᠶᠠᠨ ᠤ ᠣᠶ ᠰᠢᠭᠤᠶ ᠶᠢᠨ ᠲᠣᠪᠴᠢᠶᠠᠨ ᠤ ᠲᠤᠰᠬᠠᠶ ᠬᠡᠷᠡᠭᠯᠡᠬᠦ ᠭᠠᠯᠲᠤ ᠲᠡᠷᠭᠡᠨ ᠦ ᠱᠤᠭᠤᠮ ᠤᠨ ᠥᠷᠲᠡᠭᠡ ᠡᠴᠡ ᠤᠮᠠᠷᠠᠰᠢᠬᠢ ᠵᠢᠵᠢᠭ ᠨᠠᠭᠤᠷ ᠪᠣᠯ ᠳᠠᠷᠤᠶ ᠭᠠᠯᠲᠤ ᠠᠭᠤᠯᠠ ᠶᠢᠨ ᠠᠮᠠᠰᠠᠷ ᠤᠨ ᠤᠰᠤ ᠬᠠᠳᠠᠭᠠᠯᠠᠵᠤ ᠪᠦᠲᠦᠭᠡᠭᠰᠡᠨ ᠤᠰᠤ ᠨᠢ 7.5 ᠾᠧᠺᠲ᠋ᠠᠷ ᠪᠣᠯᠤᠨ᠎ᠠ᠃ ᠬᠠᠷᠢᠨ ᠳᠠᠷᠪᠢᠨ ᠨᠠᠭᠤᠷ ᠪᠣᠯ ᠭᠠᠯᠲᠤ ᠠᠭᠤᠯᠠ ᠶᠢᠨ ᠬᠠᠶᠢᠯᠤᠮᠠᠯ ᠴᠢᠯᠠᠭᠤᠯᠢᠭ ᠭᠣᠣᠯ ᠤᠨ ᠬᠥᠨᠳᠡᠶ ᠶᠢ ᠪᠥᠭᠯᠡᠭᠰᠡᠨ ᠡᠴᠡ ᠪᠣᠯᠤᠭᠰᠠᠨ ᠬᠠᠰᠢᠭᠳᠠᠮᠠᠯ ᠨᠠᠭᠤᠷ ᠪᠣᠯᠤᠨ᠎ᠠ᠃ ᠬᠥᠮᠦᠨ ᠦ ᠬᠦᠴᠦ ᠪᠡᠷ ᠭᠣᠸᠯ ᠮᠥᠷᠡᠨ ᠳᠡᠭᠡᠷ᠎ᠡ ᠬᠠᠰᠢᠯᠭ᠎ᠠ ᠪᠠᠷᠢᠵᠤ ᠵᠣᠬᠢᠶᠠᠮᠠᠯ ᠨᠠᠭᠤᠷ ᠂ ᠵᠢᠱᠢᠶᠡᠯᠡᠪᠡᠯ ᠡᠯ᠎ᠡ ᠵᠦᠶᠯ ᠦᠨ ᠤᠰᠤᠨ ᠴᠥᠭᠥᠷᠥᠮ ᠃