ᠵᠤᠬᠢᠶᠠᠭᠴᠢ:
ᠴᠠᠭ:2021-04-30
ᠥᠵᠡᠭᠰᠡᠨ : ℃
ᠢᠷᠡᠯᠲᠡ:
ᠮᠥᠩᠬᠡ ᠬᠠᠨ ᠠᠭᠤᠯᠠ ᠶᠢᠨ ᠦᠵᠡᠮᠵᠢ ᠶᠢᠨ ᠣᠷᠣᠨ ᠬᠣᠶᠠᠷ

ᠮᠥᠩᠬᠡ ᠬᠠᠨ ᠠᠭᠤᠯᠠ ᠶᠢᠨ ᠬᠡᠭᠡᠷ᠎ᠡ ᠶᠢᠨ ᠠᠮᠢᠲᠠᠨ ᠰᠢᠪᠠᠭᠤᠨ ᠤ ᠲᠥᠷᠥᠯ ᠢᠶᠡᠷ ᠭᠤᠤᠯᠯᠠᠵᠤ ᠂ ᠨᠡᠶᠢᠲᠡ 76 ᠵᠦᠶᠯ ᠪᠣᠶ᠃ ᠡᠭᠦᠨ ᠳᠦ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠲᠣᠭᠣᠳᠠᠭ ᠂ ᠠᠯᠲᠠᠨ ᠪᠦᠷᠭᠦᠳ ᠂ ᠤᠯᠤᠰ ᠤᠨ ᠬᠣᠶᠠᠳᠤᠭᠠᠷ ᠳᠡᠰ ᠤᠨ ᠬᠠᠮᠠᠭᠠᠯᠠᠯᠲᠠ ᠶᠢᠨ ᠬᠠᠷᠴᠠᠭᠠᠶ ᠂ ᠂ ᠦᠰᠦᠲᠦ ᠂ ᠪᠣᠷᠣ ᠴᠢᠷᠠᠶᠢᠲᠤ ᠬᠠᠷᠴᠠᠭᠠᠶ ᠂ ᠬᠣᠵᠢᠭᠢᠷ ᠲᠠᠰ ᠂ ᠬᠠᠷᠢᠶᠠᠴᠠᠶ ᠂ ᠤᠯᠠᠭᠠᠨ ᠬᠥᠯᠲᠦ ᠂ ᠡᠩ ᠦᠨ ᠪᠦᠷᠭᠦᠳ ᠪᠣᠯᠤᠨ᠎ᠠ᠃ 17 ᠲᠥᠷᠥᠯ ᠦᠨ ᠠᠷᠢᠶᠠᠲᠠᠨ ᠤ ᠲᠥᠷᠥᠯ ᠳᠦ ᠤᠯᠤᠰ ᠤᠨ ᠬᠣᠶᠠᠳᠤᠭᠠᠷ ᠳᠡᠰ ᠤᠨ ᠬᠠᠮᠠᠭᠠᠯᠠᠯᠲᠠ ᠶᠢᠨ ᠠᠮᠢᠲᠠᠨ ᠰᠢᠯᠦᠭᠦᠰᠦ ᠪᠣᠶ᠃ ᠮᠥᠯᠬᠥᠭᠴᠢ ᠠᠮᠢᠲᠠᠨ ᠪᠠ ᠵᠢᠭᠦᠷᠲᠡᠨ ᠳᠦ ᠭᠣᠣᠯᠳᠠᠭᠤ ᠂ ᠬᠡᠭᠡᠷ᠎ᠡ ᠶᠢᠨ ᠭᠠᠬᠠᠶ ᠂ ᠦᠨᠡᠭᠡ ᠂ ᠴᠢᠨᠣ᠎ᠠ ᠂ ᠵᠤᠷᠠᠮ᠎ᠠ ᠂ ᠮᠣᠩᠭᠣᠯ ᠂ ᠮᠤᠤᠷ ᠂ ᠰᠢᠷ᠎ᠠ ᠰᠣᠯᠣᠩᠭ᠎ᠠ ᠂ ᠭᠤᠷᠭᠤᠤᠯ ᠂ ᠪᠥᠳᠥᠨ᠎ᠡ ᠂ ᠨᠤᠭᠲᠤᠷᠤ ᠂ ᠂ ᠲᠣᠯᠪᠣᠲᠤ ᠲᠣᠩᠰᠢᠭᠤᠯ ᠂ ᠂ ᠭᠤᠷᠭᠤᠤᠯ ᠂ ᠴᠠᠰᠤᠨ ᠲᠠᠤᠯᠠᠢ ᠂ ᠮᠣᠩᠭᠣᠯ ᠬᠠᠶᠢᠷᠠᠭᠤᠴᠠᠶ ᠵᠡᠷᠭᠡ ᠪᠤᠶ᠃ ᠠᠭᠤᠯᠠᠨ ᠳᠡᠭᠡᠷᠡᠬᠢ ᠤᠷᠭᠤᠮᠠᠯ ᠤᠨ ᠲᠥᠷᠥᠯ ᠵᠦᠢᠯ ᠮᠠᠰᠢ ᠣᠯᠠᠨ ᠂ ᠪᠣᠳᠠ ᠮᠣᠳᠣᠳ ᠨᠢ ᠣᠶ ᠰᠢᠭᠤᠶ ᠪᠣᠯᠵᠤ ᠂ ᠠᠭᠤᠯᠠᠨ ᠭᠦᠨ ᠳᠡᠬᠢ ᠡᠪᠡᠰᠦ ᠂ ᠪᠣᠳᠠ ᠮᠣᠳᠣ ᠢᠭᠴᠤ ᠰᠠᠬᠤᠯᠢᠭ ᠂ ᠬᠠᠴᠢᠨ ᠰᠣᠨᠢᠨ ᠡᠪᠡᠰᠦ ᠴᠡᠴᠡᠭ ᠪᠠ ᠬᠣᠪᠣᠷ ᠨᠠᠨᠳᠢᠨ ᠬᠢᠲᠠᠳ ᠡᠪᠡᠰᠦᠨ ᠡᠮ ᠣᠯᠠᠨ ᠪᠠᠶᠢᠳᠠᠭ᠃
ᠦᠷᠡᠲᠦ ᠤᠷᠭᠤᠮᠠᠯ ᠪᠠ ᠣᠶᠢᠮ᠎ᠠ ᠶᠢᠨ ᠲᠥᠷᠥᠯ ᠦᠨ ᠤᠷᠭᠤᠮᠠᠯ 69 ᠰᠠᠯᠠᠭ᠎ᠠ ᠂ 243 ᠲᠥᠷᠥᠯ ᠂ 463 ᠳᠦ ᠭᠥᠷᠳᠡᠭ᠃ ᠨᠡᠯᠢᠶᠡᠳ ᠶᠡᠬᠡ ᠠᠵᠤ ᠠᠬᠤᠶ ᠶᠢᠨ ᠦᠨ᠎ᠡ ᠥᠷᠲᠡᠭ ᠲᠡᠶ ᠤᠷᠭᠤᠮᠠᠯ ᠳᠤ ᠮᠣᠩᠭᠣᠯ ᠴᠠᠷᠠᠰᠤᠨ ᠮᠣᠳᠣ ᠂ ᠪᠠᠲᠤᠴᠠᠭᠠᠨ ᠮᠣᠳᠣ ᠂ ᠰᠢᠳ ᠂ ᠥᠷᠭᠡᠰᠦᠲᠦ ᠰᠠᠷᠭᠠᠶ ᠂ ᠠᠯᠲᠠᠨ ᠰᠢᠭᠦᠳᠡᠷᠢ ᠂ ᠬᠥᠪᠥᠩ ᠦᠨ ᠪᠥᠭᠡᠮ ᠲᠡᠮᠦᠷ ᠣᠷᠢᠶᠠᠩᠭᠤ ᠂ ᠂ ᠦᠰᠦᠲᠦ ᠳᠣᠯᠣᠨᠣ ᠂ ᠳᠥᠷᠪᠡᠯᠵᠢ ᠡᠪᠡᠰᠦ ᠂ ᠥᠳᠬᠡ ᠂ ᠨᠠᠷᠢᠨ ᠨᠠᠪᠴᠢᠲᠤ ᠰᠠᠷᠠᠨ᠎ᠠ ᠂ ᠬᠤᠯᠤᠰᠤ ᠂ ᠣᠶᠢᠮ᠎ᠠ ᠂ ᠰᠢᠷ᠎ᠠ ᠴᠡᠴᠡᠭ ᠂ ᠂ ᠪᠣᠷᠴᠠ ᠡᠪᠡᠰᠦ ᠂ ᠱᠦᠭᠦᠷᠭᠡᠨ᠎ᠡ ᠂ ᠵᠡᠷᠯᠢᠭ ᠴᠠᠷᠭᠠᠰᠤ ᠂ ᠬᠦᠶᠲᠡᠨ ᠰᠢᠷᠠᠯᠵᠢ ᠵᠡᠷᠭᠡ ᠪᠠᠶᠢᠵᠤ ᠂ ᠤᠯᠤᠰ ᠤᠨ ᠭᠤᠤᠯᠳᠠᠯᠭ᠎ᠠ ᠲᠠᠶ ᠬᠠᠮᠠᠭᠠᠯᠠᠬᠤ ᠤᠷᠭᠤᠮᠠᠯ ᠬᠡᠭᠡᠷ᠎ᠡ ᠶᠢᠨ ᠰᠢᠷ᠎ᠠ ᠪᠤᠷᠴᠠᠭ ᠃ ᠢᠳᠡᠰᠢᠨ ᠦ ᠮᠥᠭᠥ ᠶᠢᠨ ᠲᠥᠷᠥᠯ ᠳᠦ ᠳᠠᠯᠳᠠᠸ ᠂ ᠴᠠᠭᠠᠨ ᠮᠥᠭᠥ ᠂ ᠵᠡᠭᠦᠦ ᠶᠢᠨ ᠮᠥᠭᠥ ᠵᠡᠷᠭᠡ ᠪᠣᠶ᠃ ᠵᠢᠯᠠᠭ᠎ᠠ ᠶᠢᠨ ᠢᠷᠣᠭᠠᠷ ᠠᠴᠠ ᠪᠠᠷᠤᠭ 80100 ᠮᠧᠲ᠋ᠷ ᠵᠠᠶᠢᠲᠠᠶ ᠠᠰᠬ᠎ᠠ ᠬᠠᠲᠠᠨ ᠳᠡᠭᠡᠷ᠎ᠡ ᠂ ᠡᠷᠲᠡᠨ ᠦ ᠬᠥᠮᠦᠨ ᠦ ᠴᠢᠯᠠᠭᠤ ᠪᠠᠷ ᠪᠦᠲᠦᠭᠡᠭᠰᠡᠨ 3 ᠪᠢᠴᠢᠯ ᠬᠡᠯᠪᠡᠷᠢ ᠶᠢᠨ ᠯᠤᠤᠰ ᠤᠨ ᠸᠠᠩ ᠤᠨ ᠰᠦᠮ᠎ᠡ ᠪᠠ ᠴᠢᠯᠠᠭᠤᠨ ᠠᠭᠤᠶ ᠨᠢ ᠵᠡᠷᠭᠡᠴᠡᠨ ᠵᠢᠭᠰᠠᠵᠤ ᠃ ᠠᠭᠤᠶ ᠨᠢ ᠡᠮᠦᠨᠡᠰᠢ ᠬᠠᠨᠳᠤᠵᠤ ᠂ ᠪᠠᠷᠤᠭ 20 ᠮᠧᠲ᠋ᠷ ᠵᠠᠶᠢᠲᠠᠶ ᠪᠠᠶᠢᠳᠠᠭ᠃