ᠵᠤᠬᠢᠶᠠᠭᠴᠢ:
ᠴᠠᠭ:2022-07-15
ᠥᠵᠡᠭᠰᠡᠨ : ℃
ᠢᠷᠡᠯᠲᠡ:
ᠬᠢᠩᠭᠠᠨ ᠠᠶᠢᠮᠠᠭ ( ᠨᠢᠭᠡ )
ᠬᠢᠩᠭᠠᠨ ᠠᠶᠢᠮᠠᠭ ᠪᠣᠯ ᠥᠪᠡᠷᠲᠡᠭᠡᠨ ᠵᠠᠰᠠᠬᠤ ᠣᠷᠣᠨ ᠤ ᠵᠡᠭᠦᠨ ᠬᠣᠶᠢᠲᠤ ᠬᠡᠰᠡᠭ ᠂ ᠶᠡᠬᠡ ᠬᠢᠩᠭᠠᠨ ᠳᠠᠪᠠᠭᠠᠨ ᠤ ᠵᠡᠭᠦᠨ ᠡᠮᠦᠨ᠎ᠡ ᠬᠣᠷᠮᠣᠶ ᠳᠤ ᠪᠠᠶᠢᠷᠢᠯᠠᠵᠤ ᠃ ᠤᠮᠠᠷᠠᠰᠢ ᠪᠠᠨ ᠬᠥᠯᠥᠨ ᠪᠤᠶᠢᠷ ᠬᠣᠲᠠ ᠲᠠᠶ ᠵᠠᠯᠭᠠᠯᠳᠤᠵᠤ ᠂ ᠵᠡᠭᠦᠨᠰᠢ ᠪᠡᠨ ᠬᠠᠷᠠᠮᠥ᠋ᠷᠡᠨ ᠮᠤᠵᠢ ᠂ ᠭᠢᠷᠢᠨ ᠮᠤᠵᠢ ᠲᠠᠶ ᠵᠠᠯᠭᠠᠯᠳᠤᠵᠤ ᠂ ᠡᠮᠦᠨᠡᠰᠢ ᠪᠡᠨ ᠲᠦᠩᠯᠢᠶᠣᠤ ᠬᠣᠲᠠ ᠲᠠᠶ ᠬᠥᠷᠰᠢᠯᠡᠵᠦ ᠂ ᠪᠠᠷᠠᠭᠤᠨᠰᠢ ᠪᠠᠨ ᠰᠢᠯᠢ ᠶᠢᠨ ᠭᠣᠣᠯ ᠠᠶᠢᠮᠠᠭ ᠲᠠᠶ ᠵᠠᠯᠭᠠᠯᠳᠤᠵᠤ ᠃ ᠠᠶᠢᠮᠠᠭ ᠤᠨ ᠨᠢ ᠡᠮᠦᠨᠡᠰᠢ ᠤᠮᠠᠷᠠᠰᠢ 376 ᠺᠢᠯᠣᠮᠧᠲ᠋ᠷ ᠂ ᠵᠡᠭᠦᠨᠰᠢ ᠪᠠᠷᠠᠭᠤᠨᠰᠢ 317.6 ᠺᠢᠯᠣᠮᠧᠲ᠋ᠷ ᠥᠷᠭᠡᠨ ᠂ ᠲᠠᠯᠠᠪᠠᠶ ᠨᠢ 59806 ᠲᠡᠭᠰᠢ ᠳᠥᠷᠪᠡᠯᠵᠢᠨ ᠺᠢᠯᠣᠮᠧᠲ᠋ᠷ ᠃
ᠬᠢᠩᠭᠠᠨ ᠠᠶᠢᠮᠠᠭ ᠪᠣᠯ ᠶᠡᠬᠡ ᠬᠢᠩᠭᠠᠨ ᠳᠠᠪᠠᠭᠠᠨ ᠤ ᠳᠤᠮᠳᠠ ᠬᠡᠰᠡᠭ ᠲᠦ ᠣᠷᠣᠰᠢᠵᠤ ᠂ ᠠᠭᠤᠯᠠ ᠳᠣᠪᠣᠷᠬᠠᠭ ᠣᠷᠣᠨ ᠳᠤ ᠬᠠᠷᠢᠶᠠᠯᠠᠭᠳᠠᠨ᠎ᠠ᠃ ᠠᠭᠤᠯᠠᠷᠬᠠᠭ ᠭᠠᠵᠠᠷ ᠤᠨ ᠲᠠᠯᠠᠪᠠᠶ ᠨᠢ ᠪᠠᠷᠤᠭ ᠪᠦᠬᠦ ᠠᠶᠢᠮᠠᠭ ᠤᠨ ᠶᠡᠷᠦᠩᠬᠡᠶ ᠲᠠᠯᠠᠪᠠᠶ ᠶᠢᠨ 90% ᠶᠢ ᠡᠵᠡᠯᠡᠵᠦ ᠂ ᠲᠠᠯ᠎ᠠ ᠨᠢ ᠨᠤᠨ ᠮᠥᠷᠡᠨ ᠦ ᠪᠠᠷᠠᠭᠤᠨ ᠡᠷᠭᠢ ᠶᠢᠨ ᠲᠠᠯ᠎ᠠ ᠪᠠᠶᠢᠵᠤ ᠂ ᠪᠠᠷᠤᠭ ᠪᠦᠬᠦ ᠲᠠᠯᠠᠪᠠᠶ ᠶᠢᠨ 10% ᠶᠢ ᠡᠵᠡᠯᠡᠨ᠎ᠡ᠃ ᠶᠡᠬᠡ ᠪᠠᠭ᠎ᠠ ᠭᠣᠣᠯ ᠮᠥᠷᠡᠨ 200 ᠭᠠᠷᠤᠶ ᠪᠠᠶᠢᠨ᠎ᠠ᠃ ᠬᠣᠶᠠᠷ ᠬᠠᠮᠤᠭ ᠶᠡᠬᠡ ᠭᠣᠣᠯ ᠴᠤᠤᠯ ᠭᠣᠣᠯ ᠂ ᠲᠤᠭᠤᠷ ᠭᠣᠣᠯ ᠤᠨ ᠣᠯᠠᠨ ᠵᠢᠯ ᠦᠨ ᠳᠤᠮᠳᠠᠴᠢ ᠤᠷᠤᠰᠬᠠᠯ ᠤᠨ ᠬᠡᠮᠵᠢᠶ᠎ᠡ ᠨᠢ 38 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲ᠋ᠷ ᠃ ᠠᠭᠤᠯᠠᠷᠬᠠᠭ ᠣᠷᠣᠨ ᠤ ᠭᠣᠣᠯ ᠮᠥᠷᠡᠨ ᠰᠠᠪᠠ ᠭᠠᠵᠠᠷ ᠤᠨ ᠤᠷᠭᠤᠮᠠᠯ ᠤᠨ ᠬᠤᠴᠢᠯᠭ᠎ᠠ ᠰᠠᠶᠢᠨ ᠂ ᠡᠯᠡᠰᠦᠨ ᠦ ᠠᠭᠤᠯᠤᠭᠳᠠᠴᠠ ᠪᠠᠭ᠎ᠠ ᠂ ᠭᠣᠣᠯ ᠤᠨ ᠤᠰᠤ ᠲᠤᠩᠭᠠᠯᠠᠭ ᠂ ᠤᠰᠤᠨ ᠤ ᠴᠢᠨᠠᠷ ᠰᠠᠶᠢᠨ ᠪᠣᠯᠬᠣᠷ ᠬᠥᠮᠦᠨ ᠮᠠᠯ ᠤᠨ ᠤᠤᠭᠤᠬᠤ ᠪᠠ ᠤᠰᠤᠯᠠᠬᠤ ᠳᠤ ᠲᠣᠬᠢᠷᠠᠮᠵᠢᠲᠠᠶ ᠪᠠᠶᠢᠳᠠᠭ᠃
ᠬᠢᠩᠭᠠᠨ ᠠᠶᠢᠮᠠᠭ ᠰᠡᠷᠢᠭᠦᠨ ᠪᠦᠰᠡᠨ ᠦ ᠡᠬᠡ ᠭᠠᠵᠠᠷ ᠤᠨ ᠴᠢᠨᠠᠷᠲᠠᠶ ᠤᠯᠠᠷᠢᠯ ᠤᠨ ᠰᠠᠯᠬᠢᠨ ᠤ ᠠᠭᠤᠷ ᠠᠮᠢᠰᠬᠤᠯ ᠤᠨ ᠣᠷᠣᠨ ᠳᠤ ᠣᠷᠣᠰᠢᠵᠤ ᠂ ᠪᠡᠶᠡᠲᠦ ᠠᠭᠤᠷ ᠠᠮᠢᠰᠬᠤᠯ ᠤᠨ ᠣᠨᠴᠠᠯᠢᠭ ᠢᠯᠡᠷᠬᠡᠶ ᠂ ᠳᠥᠷᠪᠡᠨ ᠤᠯᠠᠷᠢᠯ ᠲᠣᠳᠣᠷᠬᠠᠶ ᠂ ᠭᠠᠵᠠᠷ ᠣᠷᠣᠨ ᠤ ᠵᠥᠷᠢᠶ᠎ᠡ ᠢᠯᠡᠷᠬᠡᠶ ᠪᠠᠶᠢᠳᠠᠭ᠃ ᠪᠦᠬᠦ ᠵᠢᠯ ᠦᠨ ᠬᠢᠷᠠᠭᠤ ᠦᠭᠡᠶ ᠬᠤᠭᠤᠴᠠᠭᠠᠨ ᠤ ᠶᠡᠬᠡᠩᠬᠢ ᠭᠠᠵᠠᠷ ᠣᠷᠣᠨ ᠨᠢ 120~140 ᠡᠳᠦᠷ ᠂ ᠳᠠᠪᠠᠭᠠᠨ ᠤ ᠪᠠᠷᠠᠭᠤᠨ ᠬᠣᠶᠢᠲᠤ ᠬᠡᠰᠡᠭ ᠨᠢ 51 ᠡᠳᠦᠷ ᠪᠣᠯᠤᠨ᠎ᠠ᠃ ᠭᠡᠷᠡᠯ ᠦᠨ ᠲᠤᠰᠤᠯᠲᠠ ᠭᠦᠶᠴᠡᠳ ᠂ ᠭᠡᠷᠡᠯ ᠦᠨ ᠡᠨᠧᠷᠭᠢ ᠶᠢᠨ ᠡᠬᠢ ᠪᠠᠶᠠᠯᠢᠭ ᠡᠯᠪᠡᠭ ᠃