ᠵᠤᠬᠢᠶᠠᠭᠴᠢ:
ᠴᠠᠭ:2022-12-30
ᠥᠵᠡᠭᠰᠡᠨ : ℃
ᠢᠷᠡᠯᠲᠡ:
ᠰᠢᠯᠢ ᠶᠢᠨ ᠭᠣᠸᠯ ᠠᠶᠢᠮᠠᠭ ᠤᠨ ᠬᠣᠰᠢᠭᠤ ︵ ᠭᠤᠷᠪᠠ ︶

1946 ᠣᠨ ᠤ ᠬᠠᠪᠤᠷ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠦ ᠬᠣᠯᠪᠣᠭᠠᠲᠤ ᠬᠤᠷᠠᠯ ᠤᠨ ᠵᠡᠭᠦᠨ ᠬᠣᠰᠢᠭᠤᠨ ᠤ ᠰᠠᠯᠪᠤᠷᠢ ᠬᠤᠷᠠᠯ ᠪᠠᠶᠢᠭᠤᠯᠤᠭᠳᠠᠪᠠ᠃1947 ᠣᠨ ᠤ 5 ᠰᠠᠷ᠎ᠠ ᠳᠤ᠂ ᠵᠡᠭᠦᠨ ᠬᠣᠰᠢᠭᠤ ᠴᠠᠬᠠᠷ ᠠᠶᠢᠮᠠᠭ ᠢ ᠳᠠᠭᠠᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠤ ᠤᠳᠤᠷᠢᠳᠤᠯᠭ᠎ᠠ ᠳᠤ ᠬᠠᠷᠢᠶᠠᠯᠠᠭᠳᠠᠵᠤ᠂ ᠬᠣᠰᠢᠭᠤᠨ ᠤ ᠵᠠᠰᠠᠭ ᠤᠨ ᠣᠷᠳᠣᠨ ᠨᠢ ᠫᠤᠤᠲ᠋ᠠᠢ ᠶᠢᠩᠽᠢ (ᠤᠳᠤ ᠶᠢᠨ ᠭᠦᠨᠪᠤᠯᠠᠭ ᠰᠤᠮᠤ) ᠳᠤ ᠰᠠᠭᠤᠪᠠ᠃
1950 ᠣᠨ ᠤ 8 ᠰᠠᠷ᠎ᠠ ᠳᠤ᠂ ᠴᠠᠬᠠᠷ ᠮᠤᠵᠢ ᠶᠢᠨ ᠪᠦᠦ ᠶᠤᠸᠠᠨ ᠰᠢᠶᠠᠨ ᠢ ᠪᠤᠤᠴᠠᠩ ᠰᠢᠶᠠᠨ᠂ ᠬᠦ᠋ ᠶᠤᠸᠠᠨ ᠰᠢᠶᠠᠨ ᠭᠡᠵᠦ ᠬᠤᠪᠢᠶᠠᠭᠰᠠᠨ ᠪᠥᠭᠡᠳ ᠪᠤᠤᠴᠠᠩ ᠰᠢᠶᠠᠨ ᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠴᠠᠬᠠᠷ ᠠᠶᠢᠮᠠᠭ ᠲᠤ ᠬᠠᠷᠢᠶᠠᠯᠠᠭᠤᠯᠵᠤ᠂ ᠪᠤᠤᠴᠠᠩ ᠰᠢᠶᠠᠨ ᠤ ᠠᠷᠠᠳ ᠤᠨ ᠵᠠᠰᠠᠭ ᠤᠨ ᠣᠷᠳᠣᠨ ᠢ ᠪᠤᠤᠴᠠᠩ ᠪᠠᠯᠭᠠᠰᠤᠨ ᠳᠤ ᠰᠠᠭᠤᠯᠭᠠᠪᠠ᠃ ᠲᠤᠰ ᠵᠢᠯ ᠳᠦ ᠨᠢ᠂ ᠴᠠᠬᠠᠷ ᠠᠶᠢᠮᠠᠭ ᠤᠨ ᠠᠷᠠᠳ ᠤᠨ ᠵᠠᠰᠠᠭ ᠤᠨ ᠣᠷᠳᠣᠨ ᠨᠢ ᠮᠢᠩᠭᠠᠨ ᠬᠣᠰᠢᠭᠤᠨ ᠤ ᠡᠮᠡᠭᠲᠡᠶᠢᠴᠦᠳ ᠦᠨ ᠬᠡᠯᠲᠡᠰ ᠠᠴᠠ ᠪᠤᠤᠴᠠᠩ ᠰᠢᠶᠠᠨ ᠤ ᠴᠸ᠋ᠩᠭᠤᠸᠠᠨ (ᠤᠳᠤ ᠶᠢᠨ ᠪᠤᠤᠴᠠᠩ ᠪᠠᠯᠭᠠᠰᠤ) ᠳᠤ ᠨᠡᠭᠦᠵᠦ ᠰᠠᠭᠤᠪᠠ᠃ 1951 ᠣᠨ ᠤ 4 ᠰᠠᠷ᠎ᠠ ᠶᠢᠨ 24 ᠦ ᠡᠳᠦᠷ᠂ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠢᠶᠠᠷ ᠵᠦᠪᠰᠢᠶᠡᠷᠡᠭᠥᠯᠥᠭᠡᠳ ᠂ ᠪᠤᠤᠴᠠᠩ ᠰᠢᠶᠠᠨ ᠤ ᠲᠠᠪᠤᠳᠤᠭᠠᠷ ᠲᠣᠭᠣᠷᠢᠭ ᠤᠨ ᠬᠠᠷᠢᠶᠠᠨ ᠳᠠᠬᠢ 5 ᠵᠠᠰᠠᠭ ᠵᠠᠬᠢᠷᠭᠠᠨ ᠤ ᠲᠣᠰᠬᠣᠨ ᠤ 14 ᠠᠶᠢᠯ ᠲᠣᠰᠬᠣᠨ ᠢ ᠴᠠᠬᠠᠷ ᠮᠤᠵᠢ ᠶᠢᠨ ᠴᠠᠬᠠᠷ ᠤᠨ ᠬᠣᠶᠢᠲᠤ ᠬᠡᠰᠡᠭ ᠦᠨ ᠲᠤᠰᠬᠠᠶ ᠵᠠᠬᠢᠷᠭ᠎ᠠ ᠳᠤ ᠬᠠᠷᠢᠶᠠᠯᠠᠭᠤᠯᠪᠠ᠃
1956 ᠣᠨ ᠤ 9 ᠰᠠᠷ᠎ᠠ ᠶᠢᠨ 11 ᠦ ᠡᠳᠦᠷ ᠂ ᠲᠥᠷᠥ ᠶᠢᠨ ᠶᠠᠪᠤᠳᠠᠯ ᠤᠨ ᠬᠣᠷᠢᠶ᠎ᠠ ᠪᠠᠷ ᠵᠦᠪᠰᠢᠶᠡᠷᠡᠭᠥᠯᠥᠭᠡᠳ ᠂ ᠪᠤᠤᠴᠠᠩ ᠰᠢᠶᠠᠨ ᠤ ᠪᠠᠶᠢᠭᠤᠯᠤᠮᠵᠢ ᠶᠢ ᠬᠠᠰᠤᠵᠦ ᠂ ᠨᠤᠲᠤᠭ ᠣᠷᠣᠨ ︵ ᠰᠢᠩ ᠶᠣᠣ ᠨᠤᠲᠤᠭ ᠢ ᠰᠢᠯᠤᠭᠤᠨ ᠬᠥᠪᠡᠭᠡᠲᠦ ᠴᠠᠭᠠᠨ ᠬᠣᠰᠢᠭᠤᠨ ᠳᠤ ᠂ ᠬᠠᠪᠢᠷᠭ᠎ᠠ ᠨᠤᠲᠤᠭ ᠢ ᠰᠢᠯᠤᠭᠤᠨ ᠬᠥᠬᠡ ᠬᠣᠰᠢᠭᠤᠨ ᠳᠤ ᠣᠷᠣᠭᠤᠯᠤᠭᠰᠠᠨ ᠢ ᠭᠠᠷᠭᠠᠪᠠᠯ ︶ᠣ ᠶᠡᠬᠡᠩᠬᠢ ᠬᠡᠰᠡᠭ ᠢ ᠨᠢ ᠵᠡᠭᠦᠨ ᠬᠣᠰᠢᠭᠤᠨ ᠳᠤ ᠬᠠᠷᠢᠶᠠᠯᠠᠭᠤᠯᠪᠠ ᠃ ᠡᠭᠦᠨ ᠦ ᠬᠠᠮᠲᠤ ᠵᠡᠭᠦᠨ ᠬᠣᠰᠢᠭᠤᠨ ᠤ ᠨᠡᠷ᠎ᠡ ᠶᠢ ᠬᠣᠰᠢᠭᠤ ᠭᠡᠵᠦ ᠬᠠᠯᠠᠵᠤ᠂ ᠬᠣᠰᠢᠭᠤᠨ ᠤ ᠠᠷᠠᠳ ᠤᠨ ᠵᠥᠪᠯᠡᠯ ᠢ ᠫᠤᠤᠲ᠋ᠠᠢ ᠶᠢᠩᠽᠢ ᠡᠴᠡ ᠪᠤᠤᠴᠠᠩ ᠪᠠᠯᠭᠠᠰᠤᠨ ᠳᠤ ᠨᠡᠭᠦᠯᠭᠡᠵᠦ᠂ ᠴᠠᠬᠠᠷ ᠠᠶᠢᠮᠠᠭ ᠲᠤ ᠬᠠᠷᠢᠶᠠᠯᠠᠭᠤᠯᠪᠠ᠃ 1958 ᠣᠨ ᠤ 9 ᠰᠠᠷ᠎ᠠ ᠶᠢᠨ 26 ᠤ ᠡᠳᠦᠷ ᠂ ᠲᠥᠷᠥ ᠶᠢᠨ ᠶᠠᠪᠤᠳᠠᠯ ᠤᠨ ᠬᠣᠷᠢᠶ᠎ᠠ ᠪᠠᠷ ᠵᠦᠪᠰᠢᠶᠡᠷᠡᠭᠥᠯᠥᠭᠡᠳ ᠴᠠᠬᠠᠷ ᠠᠶᠢᠮᠠᠭ ᠢ ᠬᠠᠰᠤᠭᠰᠠᠨ ᠤ ᠳᠠᠷᠠᠭ᠎ᠠ ᠂ ᠲᠠᠶᠢᠹᠤᠰᠸ ᠬᠣᠰᠢᠭᠤ ᠶᠢ ᠰᠢᠯᠢ ᠶᠢᠨ ᠭᠣᠸᠯ ᠠᠶᠢᠮᠠᠭ ᠲᠤ ᠬᠠᠷᠢᠶᠠᠯᠠᠭᠤᠯᠪᠠ ᠃
1962 ᠣᠨ ᠠᠴᠠ ᠰᠡᠭᠦᠯᠡᠷ ᠂ ᠬᠣᠰᠢᠭᠤᠨ ᠤ ᠬᠠᠷᠢᠶᠠᠨ ᠳᠠᠬᠢ ᠠᠷᠠᠳ ᠤᠨ ᠨᠢᠭᠡᠳᠦᠯ ᠦᠨ ᠬᠡᠪᠴᠢᠶ᠎ᠡ ᠳᠦ ᠲᠣᠬᠢᠷᠠᠭᠤᠯᠤᠯᠲᠠ ᠬᠢᠵᠦ ᠂ 1981 ᠣᠨ ᠤ 6 ᠰᠠᠷ᠎ᠠ ᠪᠣᠯᠬᠤ ᠳᠤ ᠂ ᠪᠦᠬᠦ ᠬᠣᠰᠢᠭᠤᠨ ᠳᠤ 18 ᠬᠣᠲᠠ ᠪᠠᠯᠭᠠᠰᠤ ᠂ ᠲᠠᠷᠢᠶᠠᠯᠠᠬᠤ ᠣᠷᠣᠨ ᠂ ᠮᠠᠯᠵᠢᠬᠤ ᠣᠷᠣᠨ ᠤ ᠠᠷᠠᠳ ᠤᠨ ᠨᠢᠭᠡᠳᠦᠯ ᠂ 166 ᠦᠢᠯᠡᠳᠪᠦᠷᠢᠯᠡᠯ ᠦᠨ ᠶᠡᠬᠡ ᠪᠠᠷᠢᠭᠠᠳᠠ ᠂ 8 ᠰᠠᠭᠤᠭᠠᠯᠢ ᠠᠷᠠᠳ ᠤᠨ ᠵᠥᠪᠯᠡᠯ ᠬᠠᠷᠢᠶᠠᠯᠠᠭᠳᠠᠬᠤ ᠪᠣᠯᠪᠠ ᠃ 1983 ᠣᠨ ᠳᠤ ᠂ ᠪᠦᠭᠦ ᠬᠣᠰᠢᠭᠤᠨ ᠤ ᠦᠨᠳᠦᠰᠦᠨ ᠱᠠᠲᠤᠨ ᠤ ᠵᠠᠰᠠᠭ ᠤᠨ ᠡᠷᠬᠡ ᠶᠢᠨ ᠵᠠᠰᠠᠭ ᠨᠢᠭᠡᠳᠦᠯ ᠢ ᠨᠢᠭᠡᠳᠬᠡᠭᠰᠡᠨ ᠪᠠᠶᠢᠭᠤᠯᠤᠮᠵᠢ ᠶᠢᠨ ᠪᠠᠶᠢᠭᠤᠯᠤᠯ ᠢ ᠥᠭᠡᠷᠡᠴᠢᠯᠡᠵᠦ ᠂ ᠤᠤᠯ ᠤᠨ ᠬᠣᠲᠠ ᠪᠠᠯᠭᠠᠰᠤ ᠂ ᠮᠠᠯᠵᠢᠬᠤ ᠲᠠᠷᠢᠶᠠᠯᠠᠬᠤ ᠣᠷᠣᠨ ᠤ ᠠᠷᠠᠳ ᠤᠨ ᠨᠢᠭᠡᠳᠦᠯ ᠦᠨ ᠪᠠᠶᠢᠭᠤᠯᠤᠮᠵᠢ ᠶᠢᠨ ᠣᠷᠣᠨ ᠤ ᠰᠠᠭᠤᠷᠢᠨ ᠳᠡᠭᠡᠷ᠎ᠡ ᠂ ᠪᠠᠯᠭᠠᠰᠤ ᠂ ᠰᠤᠮᠤ ᠂ ᠰᠢᠶᠠᠩ ᠤᠨ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠪᠠ ᠠᠷᠠᠳ ᠤᠨ ᠵᠠᠰᠠᠭ ᠤᠨ ᠣᠷᠳᠣᠨ ᠢ ᠲᠤᠰ ᠲᠤᠰ ᠪᠠᠶᠢᠭᠤᠯᠵᠠᠶ ᠃
1997 ᠣᠨ ᠳᠤ ᠂ ᠬᠣᠰᠢᠭᠤᠨ ᠳᠤ 1 ᠰᠤᠮᠤ ᠂ 16 ᠰᠢᠶᠠᠩ ᠂ 1 ᠪᠠᠯᠭᠠᠰᠤ ᠂ 178 ᠲᠣᠰᠬᠣᠨ︵ ᠭᠠᠴᠠᠭ᠎ᠠ ︶᠂ 14 ᠰᠠᠭᠤᠭᠠᠯᠢ ᠠᠷᠠᠳ ᠤᠨ ᠵᠥᠪᠯᠡᠯ ᠬᠠᠷᠢᠶᠠᠯᠠᠭᠳᠠᠵᠤ ᠃
2002 ᠣᠨ ᠳᠤ 1 ᠰᠤᠮᠤ ᠂ 7 ᠰᠢᠶᠠᠩ ᠂ 4 ᠪᠠᠯᠭᠠᠰᠤ ᠬᠠᠷᠢᠶᠠᠯᠠᠭᠳᠠᠵᠤ ᠃
2005 ᠣᠨ ᠳᠤ 1 ᠰᠤᠮᠤ ᠂ 1 ᠰᠢᠶᠠᠩ ᠂ 4 ᠪᠠᠯᠭᠠᠰᠤ ᠂ 157 ᠵᠠᠰᠠᠭ ᠵᠠᠬᠢᠷᠭᠠᠨ ᠤ ᠲᠣᠰᠬᠣᠨ ᠂ 14 ᠰᠠᠭᠤᠭᠠᠯᠢ ᠠᠷᠠᠳ ᠤᠨ ᠵᠥᠪᠯᠡᠯ ᠬᠠᠷᠢᠶᠠᠯᠠᠭᠳᠠᠵᠤ ᠃
2013 ᠣᠨ ᠳᠤ 1 ᠰᠤᠮᠤ ᠂ 1 ᠰᠢᠶᠠᠩ ᠂ 5 ᠪᠠᠯᠭᠠᠰᠤ ᠂ 174 ᠵᠠᠰᠠᠭ ᠵᠠᠬᠢᠷᠭᠠᠨ ᠤ ᠲᠣᠰᠬᠣᠨ ︵ ᠡᠭᠦᠨ ᠳᠦ 19 ᠭᠠᠴᠠᠭ᠎ᠠ ︶ ᠪᠠ 8 ᠰᠠᠭᠤᠭᠠᠯᠢ ᠠᠷᠠᠳ ᠤᠨ ᠵᠥᠪᠯᠡᠯ ᠬᠠᠷᠢᠶᠠᠯᠠᠭᠳᠠᠵᠤ ᠃
2019 ᠣᠨ ᠪᠣᠯᠲᠠᠯ᠎ᠠ ᠂ ᠬᠣᠰᠢᠭᠤᠨ ᠳᠤ 7 ᠰᠤᠮᠤ ᠰᠢᠶᠠᠩ ᠪᠠᠯᠭᠠᠰᠤ ︵ ᠭᠦᠨᠪᠤᠯᠠᠭ ᠰᠤᠮᠤ ᠂ ᠰᠢᠩ ᠹᠦ᠋ ᠰᠢᠶᠠᠩ ᠂ ᠪᠤᠤᠴᠠᠩ ᠪᠠᠯᠭᠠᠰᠤ ᠂ ᠶᠦᠩ ᠹᠸᠩ ᠪᠠᠯᠭᠠᠰᠤ ᠂ ᠴᠢᠶᠠᠨ ᠵᠢᠨ ᠭᠸᠦ ᠪᠠᠯᠭᠠᠰᠤ ᠂ ᠤᠯᠠᠭᠠᠨ ᠲᠣᠭ ᠪᠠᠯᠭᠠᠰᠤ ᠂ ᠯᠦᠸᠧ ᠲᠦᠸ᠋ᠸ ᠱᠠᠨ ᠪᠠᠯᠭᠠᠰᠤ ︶ ᠂ 176 ᠵᠠᠰᠠᠭ ᠵᠠᠬᠢᠷᠭᠠᠨ ᠤ ᠲᠣᠰᠬᠣᠨ ᠪᠠ 8 ᠨᠡᠶᠢᠭᠡᠮ ᠲᠣᠭᠣᠷᠢᠭ ᠬᠠᠷᠢᠶᠠᠯᠠᠭᠳᠠᠵᠤ ᠃