ᠵᠤᠬᠢᠶᠠᠭᠴᠢ: 
							ᠴᠠᠭ:2023-01-08
							ᠥᠵᠡᠭᠰᠡᠨ :  ℃
                                                        ᠢᠷᠡᠯᠲᠡ:        
						
						
							ᠰᠢᠯᠢ ᠶᠢᠨ ᠭᠣᠸᠯ ᠠᠶᠢᠮᠠᠭ ᠤᠨ ᠬᠥᠪᠡᠭᠡᠲᠦ ᠰᠢᠷᠠ ᠬᠣᠰᠢᠭᠤ ︵ ᠭᠤᠷᠪᠠ ︶						
						
						

1946 ᠣᠨ ᠤ ᠬᠠᠪᠤᠷ᠂ ᠬᠥᠪᠡᠭᠡᠲᠦ ᠰᠢᠷᠠ ᠬᠣᠰᠢᠭᠤ᠂ ᠱᠠᠩᠳᠤ ᠬᠣᠰᠢᠭᠤ ᠲᠤᠰ ᠲᠤᠰ ᠥᠪᠥᠷ ᠮᠣᠩᠭᠣᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠦ ᠬᠣᠯᠪᠣᠭᠠᠲᠤ ᠬᠤᠷᠠᠯ ᠤᠨ ᠰᠠᠯᠪᠤᠷᠢ ᠬᠤᠷᠠᠯ  ᠪᠠᠶᠢᠭᠤᠯᠪᠠ᠃ 1947 ᠣᠨ ᠤ 5 ᠰᠠᠷᠠ ᠳᠤ᠂ ᠬᠥᠪᠡᠭᠡᠲᠦ ᠰᠢᠷᠠ ᠬᠣᠰᠢᠭᠤ᠂ ᠱᠠᠩᠳᠤ ᠬᠣᠰᠢᠭᠤ ᠴᠠᠬᠠᠷ ᠠᠶᠢᠮᠠᠭ ᠢ ᠳᠠᠭᠠᠵᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠤ ᠤᠳᠤᠷᠢᠳᠤᠯᠭᠠ ᠳᠤ ᠬᠤᠪᠢᠶᠠᠭᠳᠠᠨ ᠣᠷᠣᠪᠠ ᠃ ᠲᠤᠰ ᠵᠢᠯ ᠦᠨ 7— 8  ᠰᠠᠷᠠ ᠳᠤ  ᠴᠢᠯᠥᠭᠡᠯᠡᠬᠦ ᠳᠠᠶᠢᠨ ᠦ ᠳᠤᠮᠳᠠ ᠬᠥᠪᠡᠭᠡᠲᠦ ᠰᠢᠷᠠ ᠬᠣᠰᠢᠭᠤ ᠂ ᠱᠠᠩᠳᠤ ᠬᠣᠰᠢᠭᠤ ᠲᠤᠰ ᠲᠤᠰ ᠬᠣᠶᠠᠷ ᠬᠣᠰᠢᠭᠤᠨ ᠤ ᠠᠷᠠᠳᠴᠢᠯᠠᠭᠰᠠᠨ ᠵᠠᠰᠠᠭ ᠤᠨ ᠣᠷᠳᠣᠨ ᠢ ᠳᠠᠬᠢᠨ ᠪᠠᠶᠢᠭᠤᠯᠵᠠᠶ ᠃ 1948 ᠣᠨ ᠤ 11  ᠰᠠᠷᠠ ᠳᠤ᠂ ᠴᠠᠬᠠᠷ ᠠᠶᠢᠮᠠᠭ ᠤᠨ ᠱᠠᠩᠳᠤ ᠬᠣᠰᠢᠭᠤ᠂ ᠬᠥᠪᠡᠭᠡᠲᠦ ᠰᠢᠷᠠ ᠬᠣᠰᠢᠭᠤ ᠶᠢ ᠨᠡᠶᠢᠯᠡᠭᠦᠯᠵᠦ᠂ ᠱᠠᠩᠳᠤ  ᠬᠥᠪᠡᠭᠡᠲᠦ ᠰᠢᠷᠠ ᠬᠣᠯᠪᠣᠭᠠᠲᠤ ᠬᠣᠰᠢᠭᠤ ︵ᠯᠠᠪᠠᠢ ᠶᠢᠨ ᠰᠦᠮᠡ ᠳᠦ  ᠪᠠᠢᠪᠠ︶ᠵᠢ ᠪᠠᠶᠢᠭᠤᠯᠪᠠ᠃
1950 ᠣᠨ ᠳᠤ  ᠬᠣᠰᠢᠭᠤᠨ ᠤ ᠠᠷᠠᠳ ᠤᠨ ᠵᠠᠰᠠᠭ ᠤᠨ ᠣᠷᠳᠣᠨ   ᠬᠠᠶ᠋ᠢᠩᠬᠢᠷᠸᠠ ᠰᠦᠮᠡ ᠳᠦ ᠪᠠᠶᠢᠪᠠ ᠃ 1951 ᠣᠨ ᠳᠤ᠂ ᠱᠠᠩᠳᠤ  ᠬᠥᠪᠡᠭᠡᠲᠦ  ᠬᠣᠯᠪᠣᠭᠠᠲᠤ ᠬᠣᠰᠢᠭᠤᠨ ᠤ ᠠᠷᠠᠳ ᠤᠨ ᠵᠠᠰᠠᠭ ᠤᠨ ᠣᠷᠳᠣᠨ ᠰᠢᠨᠡᠪᠤᠯᠠᠭ ᠲᠤ ᠨᠡᠭᠦᠵᠦ ᠰᠠᠭᠤᠪᠠ᠃ 1956 ᠣᠨ ᠤ 9  ᠰᠠᠷᠠ ᠳᠤ᠂ ᠱᠠᠩᠳᠤ  ᠬᠥᠪᠡᠭᠡᠲᠦ ᠰᠢᠷᠠ ᠬᠣᠯᠪᠣᠭᠠᠲᠤ ᠬᠣᠰᠢᠭᠤ ᠶᠢ ᠱᠠᠩᠳᠤ  ᠬᠥᠪᠡᠭᠡᠲᠦ ᠰᠢᠷᠠ ᠬᠣᠰᠢᠭᠤ ᠭᠡᠵᠦ ᠬᠠᠯᠠᠪᠠ᠃ ᠰᠢᠯᠤᠭᠤᠨ ᠬᠥᠪᠡᠭᠡᠲᠦ ᠴᠠᠭᠠᠨ ᠬᠣᠰᠢᠭᠤᠨ ᠤ ᠣᠩᠭᠣᠨ ᠰᠤᠮᠤ ᠶᠢᠨ   ᠪᠠᠷᠠᠭᠤᠨ ᠬᠡᠰᠡᠭ ᠂ ᠰᠤᠮᠤ ᠶᠢᠨ ᠰᠤᠮᠤᠨ ᠤ ᠪᠠᠷᠠᠭᠤᠨ ᠬᠡᠰᠡᠭ ᠦᠨ ᠭᠠᠵᠠᠷ ᠣᠷᠣᠨ ᠢ ᠱᠠᠩᠳᠤ  ᠬᠥᠪᠡᠭᠡᠲᠦ ᠰᠢᠷᠠ ᠬᠣᠰᠢᠭᠤᠨ ᠳᠤ ᠬᠤᠪᠢᠶᠠᠨ ᠣᠷᠣᠭᠤᠯᠪᠠ ᠃ 1957 ᠣᠨ ᠤ ᠦᠶᠡ ᠳᠦ ᠂ ᠪᠥᠬᠥ ᠬᠣᠰᠢᠭᠤᠨ ᠤ ᠵᠠᠰᠠᠭ ᠵᠠᠬᠢᠷᠭᠠᠨ ᠤ ᠣᠷᠣᠨ ᠢ 7 ᠰᠤᠮᠤ ᠪᠣᠯᠭᠠᠨ ᠬᠤᠪᠢᠶᠠᠵᠠᠶ ᠃1958 ᠣᠨ ᠤ 9  ᠰᠠᠷᠠ ᠶᠢᠨ 26 ᠤ ᠡᠳᠦᠷ᠂ ᠲᠦᠷᠦ ᠶᠢᠨ ᠶᠠᠪᠤᠳᠠᠯ ᠤᠨ ᠬᠣᠷᠢᠶᠠ ᠪᠠᠷ ᠵᠦᠪᠰᠢᠶᠡᠷᠡᠭᠥᠯᠥᠭᠡᠳ ᠂ ᠴᠠᠬᠠᠷ ᠠᠶᠢᠮᠠᠭ ᠢ ᠬᠠᠰᠤᠬᠤ ᠦᠶᠡ ᠳᠦ᠂ ᠱᠠᠩᠳᠤ  ᠬᠥᠪᠡᠭᠡᠲᠦ ᠰᠢᠷᠠ ᠬᠣᠰᠢᠭᠤ ᠶᠢ ᠰᠢᠯᠢ ᠶᠢᠨ ᠭᠣᠣᠯ ᠠᠶᠢᠮᠠᠭ ᠤᠨ ᠬᠠᠷᠢᠶᠠᠨ ᠳᠤ ᠬᠤᠪᠢᠶᠠᠷᠢᠯᠠᠨ ᠣᠷᠣᠭᠤᠯᠪᠠ  ᠃ ᠲᠣᠰ ᠵᠢᠯ ᠳᠦ ᠂ ᠪᠥᠬᠥ ᠬᠤᠰᠢᠭᠤᠨ ᠤ ᠨᠤᠲᠤᠭ ᠢ ᠪᠠᠶᠠᠨᠲᠠᠯᠠ ᠂ ᠰᠢᠨᠡᠪᠤᠯᠠᠭ ᠂ ᠤᠩᠭᠤᠨ ᠠᠭᠤᠯᠠ 3 ᠠᠷᠠᠳ ᠤᠨ ᠨᠢᠭᠡᠳᠦᠯ ᠪᠣᠯᠭᠠᠨ ᠬᠤᠪᠢᠶᠠᠵᠠᠶ ᠃
1960 ᠣᠨ ᠤ 9  ᠰᠠᠷᠠ ᠶᠢᠨ 13 ᠤ ᠡᠳᠦᠷ ᠂ ᠲᠥᠷᠥ ᠶᠢᠨ ᠶᠠᠪᠤᠳᠠᠯ ᠤᠨ ᠬᠣᠷᠢᠶᠠ ᠪᠠᠷ ᠵᠦᠪᠰᠢᠶᠡᠷᠡᠭᠥᠯᠥᠭᠡᠳ ᠱᠠᠩᠳᠤ  ᠬᠥᠪᠡᠭᠡᠲᠦ ᠰᠢᠷᠠ ᠬᠣᠰᠢᠭᠤᠨ ᠤ ᠨᠡᠷᠡ ᠶᠢ ᠬᠥᠪᠡᠭᠡᠲᠦ ᠰᠢᠷᠠ ᠬᠣᠰᠢᠭᠤ ᠭᠡᠵᠦ ᠬᠠᠯᠠᠪᠠ ᠃ ᠡᠭᠦᠨ ᠦ ᠬᠠᠮᠲᠤ᠂ ᠬᠤᠸᠠᠳᠧ ᠰᠢᠶᠠᠨ ᠢ ᠬᠠᠰᠤᠵᠤ᠂ ᠨᠤᠲᠤᠭ ᠣᠷᠣᠨ ᠢ ᠨᠢ ᠬᠥᠪᠡᠭᠡᠲᠦ ᠰᠢᠷᠠ ᠬᠣᠰᠢᠭᠤᠨ ᠤ ᠵᠠᠰᠠᠭ ᠵᠠᠬᠢᠷᠭᠠᠨ ᠤ ᠣᠷᠣᠨ ᠳᠤ ᠨᠡᠶᠢᠯᠡᠭᠦᠯᠵᠦ᠂ ᠬᠣᠰᠢᠭᠤᠨ ᠤ ᠠᠷᠠᠳ ᠤᠨ ᠵᠥᠪᠯᠡᠯ ᠦᠨ ᠰᠠᠭᠤᠭᠠ ᠭᠠᠵᠠᠷ ᠢ ᠬᠤᠸᠠᠳᠧ ᠪᠠᠯᠭᠠᠰᠤᠨ ᠳᠤ ᠨᠡᠭᠦᠯᠭᠡᠪᠡ᠃1963 ᠣᠨ ᠤ 4  ᠰᠠᠷᠠ ᠶᠢᠨ 13 ᠤ ᠡᠳᠦᠷ᠂ ᠲᠦᠷᠦ ᠶᠢᠨ ᠶᠠᠪᠤᠳᠠᠯ ᠤᠨ ᠬᠣᠷᠢᠶᠠ ᠪᠠᠷ ᠵᠦᠪᠰᠢᠶᠡᠷᠡᠭᠥᠯᠥᠭᠡᠳ ᠂ ᠬᠤᠸᠠᠳᠧ ᠰᠢᠶᠠᠨ ᠤ ᠪᠠᠶᠢᠭᠤᠯᠤᠮᠵᠢ ᠶᠢᠨ ᠳᠦᠷᠢᠮ ᠢ ᠰᠡᠷᠭᠦᠭᠡᠵᠦ᠂ ᠤᠤᠯ ᠤᠨ ᠬᠤᠸᠠᠳᠧ ᠰᠢᠶᠠᠨ ᠤ ᠵᠠᠰᠠᠭ ᠵᠠᠬᠢᠷᠭᠠᠨ ᠤ ᠣᠷᠣᠨ ᠢ  ᠦᠭᠡᠢ᠃ ᠬᠥᠪᠡᠭᠡᠲᠦ ᠰᠢᠷᠠ ᠬᠣᠰᠢᠭᠤᠨ ᠤ ᠠᠷᠠᠳ ᠤᠨ ᠵᠥᠪᠯᠡᠯ ᠦᠨ ᠰᠠᠭᠤᠭᠠ ᠭᠠᠵᠠᠷ ᠢ ᠰᠢᠨᠡᠪᠤᠯᠠᠭ  ᠲᠤ ᠨᠡᠭᠦᠯᠭᠡᠪᠡ᠃ 1961—1981 ᠣᠨ ᠂ ᠪᠦᠭᠦ ᠬᠣᠰᠢᠭᠤᠨ ᠤ ᠬᠠᠷᠢᠶᠠ ᠣᠷᠣᠨ ᠢ 10 ᠠᠷᠠᠳ ᠤᠨ ᠨᠢᠭᠡᠳᠦᠯ ᠪᠣᠯᠭᠠᠨ ᠲᠣᠬᠢᠷᠠᠭᠤᠯᠪᠠ ᠃
1983 ᠣᠨ ᠳᠤ ᠂ ᠬᠣᠰᠢᠭᠤᠨ ᠤ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠪᠠᠶᠢᠩᠭ᠋ᠤ ᠶᠢᠨ ᠬᠣᠷᠢᠶᠠ ᠪᠣᠯᠤᠨ ᠠᠷᠠᠳ ᠤᠨ ᠵᠠᠰᠠᠭ ᠤᠨ ᠣᠷᠳᠣᠨ ᠪᠦᠭᠦ ᠬᠣᠰᠢᠭᠤᠨ ᠳᠤ ᠮᠠᠯᠵᠢᠬᠤ ᠣᠷᠣᠨ ᠤ  ᠵᠠᠰᠠᠭ ᠨᠢᠭᠡᠳᠦᠯ ᠢ ᠨᠢᠭᠡᠲᠦᠭᠡᠭᠰᠡᠨ  ᠪᠠᠢᠭᠤᠯᠤᠯ ᠢ ᠥᠭᠡᠷᠡᠴᠢᠯᠡᠵᠦ ᠂ ᠤᠤᠯ ᠤᠨ ᠠᠷᠠᠳ ᠤᠨ ᠨᠢᠭᠡᠳᠦᠯ ᠦᠨ ᠬᠠᠷᠢᠶᠠ ᠣᠷᠣᠨ ᠢᠶᠠᠷ ᠰᠠᠭᠤᠷᠢ ᠪᠣᠯᠭᠠᠨ ᠂ ᠰᠤᠮᠤ ᠂ ᠪᠠᠯᠭᠠᠰᠦ ᠶᠢᠨ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠪᠣᠯᠤᠨ ᠠᠷᠠᠳ ᠤᠨ ᠵᠠᠰᠠᠭ ᠤᠨ ᠣᠷᠳᠣᠨ ᠢ ᠲᠤᠰ ᠲᠤᠰ ᠪᠠᠶᠢᠭᠤᠯᠵᠤ ᠂ ᠪᠦᠭᠦ ᠬᠣᠰᠢᠭᠤᠨ ᠤ ᠭᠠᠵᠠᠷ    ᠵᠢᠷᠤᠮᠵᠢᠭᠤᠯᠵᠠᠢ ᠃ 1984 ᠣᠨ ᠳᠤ ᠂ ᠴᠸᠩᠭᠤᠸᠠᠨ ᠪᠠᠯᠭᠠᠰᠤ ᠶᠢᠨ ᠨᠡᠷᠡ ᠶᠢ ᠰᠢᠨᠡᠪᠤᠯᠠᠭ ᠪᠠᠯᠭᠠᠰᠤ ᠭᠡᠵᠦ ᠬᠠᠯᠠᠪᠠ ᠃
2000 ᠣᠨ ᠳᠤ᠂ ᠬᠥᠪᠡᠭᠡᠲᠦ ᠰᠢᠷᠠ ᠬᠣᠰᠢᠭᠤᠨ ᠳᠤ 9 ᠰᠤᠮᠤ᠂ 1 ᠪᠠᠯᠭᠠᠰᠤ᠂ 60 ᠭᠠᠴᠠᠭᠠ᠂ 6 ᠰᠠᠭᠤᠭᠠᠯᠢ ᠠᠷᠠᠳ ᠤᠨ ᠲᠣᠭᠣᠷᠢᠭ  ᠪᠠᠶᠢᠪᠠ᠃
2001 ᠣᠨ ᠳᠤ᠂ ᠬᠥᠪᠡᠭᠡᠲᠦ ᠰᠢᠷᠠ ᠬᠣᠰᠢᠭᠤᠨ ᠤ ᠬᠡᠰᠡᠭ ᠰᠤᠮᠤ ᠶᠢ ᠬᠠᠰᠤᠵᠤ ᠨᠡᠶᠢᠯᠡᠭᠦᠯᠦᠭᠡᠳ᠂ 3 ᠰᠤᠮᠤ᠂ 1 ᠪᠠᠯᠭᠠᠰᠤ᠂ 60 ᠭᠠᠴᠠᠭᠠ᠂ 6 ᠰᠠᠭᠤᠭᠠᠯᠢ ᠠᠷᠠᠳ ᠤᠨ ᠵᠥᠪᠯᠡᠯ ᠪᠣᠯᠭᠠᠨ ᠳᠤᠬᠢᠷᠠᠭᠤᠯᠪᠠ᠃
2011 ᠣᠨ ᠳᠤ  1 ᠰᠤᠮᠤ ᠂ 2 ᠪᠠᠯᠭᠠᠰᠤ ᠂ 60 ᠭᠠᠴᠠᠭᠠ ᠂ 6 ᠨᠡᠶᠢᠭᠡᠮ ᠲᠣᠭᠣᠷᠢᠭ  ᠪᠠᠶᠢᠪᠠ ᠃
2017 ᠣᠨ ᠳᠤ ᠂ 2 ᠰᠤᠮᠤ ᠂ 2 ᠪᠠᠯᠭᠠᠰᠤ ᠂ 60 ᠭᠠᠴᠠᠭᠠ ᠂ 6 ᠨᠡᠶᠢᠭᠡᠮ ᠲᠣᠭᠣᠷᠢᠭ  ᠪᠠᠶᠢᠪᠠ ᠃
2019 ᠣᠨ ᠪᠣᠯᠲᠠᠯᠠ᠂ ᠬᠥᠪᠡᠭᠡᠲᠦ ᠰᠢᠷᠠ ᠬᠣᠰᠢᠭᠤᠨ ᠳᠤ ᠤᠩᠭᠤᠨ ᠠᠭᠤᠯᠠ᠂ ᠪᠣᠭᠳᠠ ᠶᠢᠨ ᠭᠣᠣᠯ 2 ᠰᠤᠮᠤ ᠪᠣᠯᠤᠨ ᠰᠢᠨᠡᠪᠤᠯᠠᠭ ᠂ ᠪᠠᠶᠠᠨᠲᠠᠯᠠ 2 ᠪᠠᠯᠭᠠᠰᠤ᠂ 60 ᠭᠠᠴᠠᠭᠠ᠂ 6 ᠨᠡᠶᠢᠭᠡᠮ ᠲᠣᠭᠣᠷᠢᠭ ᠤᠨ ᠰᠠᠭᠤᠭᠠᠯᠢ ᠠᠷᠠᠳ ᠤᠨ ᠵᠥᠪᠯᠡᠯ ᠬᠠᠷᠢᠶᠠᠯᠠᠭᠳᠠᠬᠤ ᠪᠣᠯᠪᠠ ᠃