ᠵᠤᠬᠢᠶᠠᠭᠴᠢ:
ᠴᠠᠭ:2024-02-16
ᠥᠵᠡᠭᠰᠡᠨ : ℃
ᠢᠷᠡᠯᠲᠡ: ︽ ︾
ᠬᠠᠨᠮᠠ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ
ᠬᠠᠨᠮᠠ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤᠯᠤᠰ ᠤᠨ ᠬᠥᠯᠥᠨ ᠪᠤᠢᠢᠷ ᠬᠤᠳᠠ ᠶᠢᠨ ᠭᠡᠭᠡᠨ ᠭᠣᠣᠯ ᠬᠤᠳᠠ ᠶᠢᠨ ᠵᠢᠨ ᠡᡁᠸ ᠪᠠᠯᠭᠠᠰᠤ ᠶᠢᠨ ᠵᠡᠭᠦᠨ ᠬᠣᠶᠢᠲᠤ ᠪᠡᠶ᠎ᠡ ᠳᠦ ᠪᠠᠶᠢᠷᠢᠯᠠᠵᠤ ᠪᠣᠢ᠃ ᠭᠡᠭᠡᠨ ᠭᠣᠣᠯ ᠬᠤᠲᠠ ᠶᠢᠨ ᠲᠣᠭᠣᠷᠢᠭ ᠠᠴᠠ 168 ᠵᠠᠶᠢᠲᠠᠢ᠂ ᠵᠢᠨ ᠾᠧ ᠪᠠᠯᠭᠠᠰᠤ ᠠᠴᠠ 82 ᠵᠠᠶᠢᠲᠠᠢ᠃ 2001 ᠣᠨ ᠳᠤ ᠵᠢᠭᠤᠯᠴᠢᠯᠠᠭᠰᠠᠳ ᠲᠤ ᠨᠡᠭᠡᠭᠡᠪᠡ ᠃ ᠬᠠᠮᠠᠭᠠᠯᠠᠯᠲᠠ ᠶᠢᠨ ᠣᠷᠣᠨ ᠨᠢ ᠡᠯᠡᠭᠳᠡᠮᠡᠯ ᠳᠡᠨᠵᠢ ᠶᠢᠨ ᠲᠠᠯ᠎ᠠ ᠭᠠᠵᠠᠷ ᠤᠨ ᠣᠷᠣᠨ ᠳᠤ ᠬᠠᠷᠢᠶᠠᠯᠠᠭᠳᠠᠵᠤ ᠂ ᠨᠢ ᠡᠷᠲᠡᠨ ᠦ ᠲᠠᠯᠠᠰᠲᠤ ᠡᠬᠡ ᠴᠢᠯᠠᠭᠤᠯᠢᠭ ᠢᠶᠠᠷ ᠪᠦᠷᠢᠯᠳᠦᠵᠡᠶ ᠃ ᠬᠠᠮᠠᠭᠠᠯᠠᠯᠲᠠ ᠶᠢᠨ ᠣᠷᠣᠨ ᠤ ᠲᠠᠯᠠᠪᠠᠶ ᠨᠢ 1073.5 ᠲᠡᠭᠰᠢ ᠳᠥᠷᠪᠡᠯᠵᠢᠨ ᠺᠢᠯᠣᠮᠧᠲ᠋ᠷ ᠪᠣᠯᠤᠨ᠎ᠠ ᠃ ᠳᠤᠮᠳᠠᠴᠢ ᠪᠠᠷ ᠳᠠᠯᠠᠶ ᠶᠢᠨ ᠲᠦᠪᠰᠢᠨ ᠡᠴᠡ 1000 ~ 1300 ᠮᠧᠲ᠋ᠷ ᠡᠷᠭᠦᠭᠳᠡᠵᠦ ᠂ ᠥᠨᠳᠥᠷ ᠣᠷᠭᠢᠯ ᠨᠢ ᠳᠠᠯᠠᠶ ᠶᠢᠨ ᠲᠦᠪᠰᠢᠨ ᠡᠴᠡ 1455 ᠮᠧᠲ᠋ᠷ ᠡᠷᠭᠦᠭᠳᠡᠭᠰᠡᠨ ᠪᠠᠶᠢᠨ᠎ᠠ ᠃ ᠣᠷᠣᠨ ᠤ ᠳᠣᠲᠣᠷᠠᠬᠢ ᠬᠠᠮᠤᠭ ᠤᠨ ᠶᠡᠬᠡ ᠭᠣᠸᠯ ᠮᠥᠷᠡᠨ ᠭᠡᠪᠡᠯ ᠲᠠᠷᠢᠶ᠎ᠠ ᠭᠣᠸᠯ ᠪᠣᠯᠤᠨ᠎ᠠ ᠂ ᠶᠡᠬᠡ ᠬᠢᠩᠭᠠᠨ ᠳᠠᠪᠠᠭ᠎ᠠ ᠶᠢᠨ ᠨᠤᠬᠤ ᠭᠠᠵᠠᠷ ᠬᠡᠮᠡᠭᠳᠡᠭᠰᠡᠨ ᠨᠢᠦ ᠡᠯ ᠨᠠᠭᠤᠷ ᠴᠤ ᠬᠠᠮᠠᠭᠠᠯᠠᠯᠲᠠ ᠶᠢᠨ ᠣᠷᠣᠨ ᠤ ᠳᠣᠲᠣᠷ᠎ᠠ ᠃ ᠵᠢᠯ ᠦᠨ ᠳᠤᠮᠳᠠᠴᠢ ᠠᠭᠠᠷ ᠤᠨ ᠳᠤᠯᠠᠭᠠᠨ ᠨᠢ -5.3℃ ᠪᠠᠶᠢᠳᠠᠭ᠃ ᠬᠠᠮᠠᠭᠠᠯᠠᠯᠲᠠ ᠶᠢᠨ ᠣᠷᠣᠨ ᠤ ᠤᠰᠤᠨ ᠤ ᠡᠬᠢ ᠰᠤᠷᠪᠤᠯᠵᠢ ᠭᠦᠶᠴᠡᠳ ᠂ ᠨᠥᠬᠥᠴᠡᠯ ᠨᠢ ᠰᠠᠶᠢᠨ ᠪᠠᠶᠢᠵᠤ ᠂ ᠣᠶᠢᠲᠤ ᠭᠠᠵᠠᠷ ᠤᠨ ᠲᠥᠷᠥᠯ ᠪᠠ ᠬᠠᠭ ᠵᠢᠴᠢ ᠪᠣᠳᠠ ᠮᠣᠳᠣ ᠶᠠᠪᠠᠭᠠᠨ ᠨᠠᠷᠠᠰᠤ ᠨᠢ ᠬᠡᠭᠡᠷ᠎ᠡ ᠶᠢᠨ ᠠᠮᠢᠲᠠᠨ ᠳᠤ ᠣᠷᠣᠰᠢᠨ ᠠᠮᠢᠳᠤᠷᠠᠬᠤ ᠰᠠᠶᠢᠨ ᠨᠥᠬᠥᠴᠡᠯ ᠢ ᠪᠦᠷᠢᠯᠳᠦᠭᠦᠯᠵᠦ ᠥᠭᠭᠦᠭᠰᠡᠨ ᠪᠠᠶᠢᠨ᠎ᠠ ᠃ ᠭᠣᠣᠯ ᠪᠣᠯᠬᠤ ᠮᠣᠳᠣᠨ ᠤ ᠲᠦᠷᠦᠯ ᠳᠦ᠄ ᠬᠢᠩᠭᠠᠨ ᠬᠠᠷᠭᠠᠶ᠂ ᠬᠠᠶᠢᠯᠠᠷ ᠨᠠᠷᠠᠰᠤ᠂ ᠴᠠᠭᠠᠨ ᠬᠤᠰᠤ ᠵᠡᠷᠭᠡ 181 ᠵᠦᠢᠯ ᠦᠨ ᠮᠣᠳᠣᠨ ᠤ ᠲᠦᠷᠦᠯ ᠬᠡᠭᠡᠷ᠎ᠡ ᠶᠢᠨ ᠤᠷᠭᠤᠮᠠᠯ 1000 ᠭᠠᠷᠤᠶ ᠵᠦᠢᠯ ᠂ ᠬᠡᠭᠡᠷ᠎ᠡ ᠶᠢᠨ ᠵᠢᠮᠢᠰ ᠦᠨ ᠡᠬᠢ ᠪᠠᠶᠠᠯᠢᠭ 30 ᠰᠢᠬᠠᠮ ᠵᠦᠢᠯ ᠪᠤᠶ᠃