ᠵᠤᠬᠢᠶᠠᠭᠴᠢ:
ᠴᠠᠭ:2025-01-03
ᠥᠵᠡᠭᠰᠡᠨ : ℃
ᠢᠷᠡᠯᠲᠡ: ︽ᠤᠯᠠᠭᠠᠨᠴᠠᠪ ᠬᠣᠲᠠ ᠶ᠋ᠢᠨ ᠵᠢᠨᠢᠩ ᠲᠣᠭᠣᠷᠢᠭ ᠤ᠋ᠨ ︵2004︱ 2013︶︾
ᠴᠠᠬᠠᠷ ᠵᠠᠩ ᠦᠢᠯᠡ ᠶᠢᠨ ᠮᠦᠽᠧᠢ

ᠴᠠᠬᠠᠷ ᠵᠠᠩ ᠦᠢᠯᠡ ᠶᠢᠨ ᠮᠦᠽᠧᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠴᠠᠪ ᠬᠤᠲᠠ ᠶᠢᠨ ᠵᠢᠨᠢᠩ ᠲᠣᠭᠤᠷᠢᠭ ᠤᠨ ᠯᠣᠣ ᠬᠤ᠋ ᠱᠠᠨ ᠴᠡᠴᠡᠷᠯᠢᠭ ᠤᠨ ᠡᠮᠦᠨ᠎ᠡ ᠬᠤᠷᠮᠣᠶ ᠳᠤ ᠪᠠᠶᠢᠷᠢᠯᠠᠭ᠎ᠠ ᠲᠡᠦᠬᠡ ᠶᠢᠨ ᠲᠥᠷᠥᠯ ᠤᠨ ᠮᠦᠽᠧᠶ ᠃ ᠮᠦᠽᠧᠶ ᠶᠢᠨ ᠡᠵᠡᠯᠡᠵᠦ ᠪᠦᠬᠦᠢ ᠲᠠᠯᠠᠪᠠᠶ ᠨᠢ 24267 ᠲᠡᠭᠰᠢ ᠳᠥᠷᠪᠡᠯᠵᠢᠨ ᠮᠧᠲᠷ᠂ ᠭᠤᠤᠯ ᠮᠥᠽᠸᠢ ᠶᠢᠨ ᠪᠠᠷᠢᠯᠭ᠎ᠠ ᠶᠢᠨ ᠲᠠᠯᠠᠪᠠᠶ ᠨᠢ 4687 ᠲᠡᠭᠰᠢ ᠳᠥᠷᠪᠡᠯᠵᠢᠨ ᠮᠧᠲᠷ᠂ ᠳᠠᠭᠠᠯᠲᠠ ᠪᠡᠯᠡᠳᠭᠡᠮᠵᠢ ᠶᠢᠨ ᠪᠠᠷᠢᠯᠭ᠎ᠠ ᠶᠢᠨ ᠲᠠᠯᠠᠪᠠᠶ ᠨᠢ 7000 ᠭᠠᠷᠤᠶ ᠲᠡᠭᠰᠢ ᠳᠥᠷᠪᠡᠯᠵᠢᠨ ᠮᠧᠲᠷ ᠪᠣᠢ᠃ ᠲᠤᠰ ᠮᠦᠽᠸᠢ ᠶᠢᠨ ᠭᠤᠤᠯ ᠮᠥᠽᠸᠢ ᠨᠢ 3 ᠲᠠᠪᠬᠤᠷᠭ᠎ᠠ ᠪᠠᠷᠢᠯᠭ᠎ᠠ ᠲᠠᠢ᠂ ᠦᠵᠡᠬᠦᠯᠬᠡ ᠶᠢᠨ ᠲᠠᠯᠠᠪᠠᠢ ᠨᠢ 3200 ᠲᠡᠭᠰᠢ ᠲᠦᠷᠪᠡᠯᠵᠢᠨ ᠮᠧᠲᠷ᠂ 3000 ᠭᠠᠷᠤᠢ ᠲᠡᠤᠬᠡ ᠶᠢᠨ ᠲᠤᠷᠠᠰᠬᠠᠯᠳᠤ ᠬᠤᠷᠢᠶᠠᠨ ᠬᠠᠳᠠᠭᠠᠯᠠᠵᠦ᠂ 6 ᠦᠵᠡᠬᠦᠯᠬᠡ ᠶᠢᠨ ᠲᠤᠭᠤᠷᠢᠭ ᠪᠠ ᠲᠦᠪ ᠤᠨ ᠶᠡᠭᠡ ᠲᠢᠩᠭᠢᠮ ᠃