ᠵᠤᠬᠢᠶᠠᠭᠴᠢ:
ᠴᠠᠭ:2021-07-28
ᠥᠵᠡᠭᠰᠡᠨ : ℃
ᠢᠷᠡᠯᠲᠡ: ︽ᠠᠯᠠᠱᠠ ᠡᠳᠦᠷ ᠦᠨ ᠰᠣᠨᠢᠨ︾
ᠮᠠᠯ ᠤᠨ ᠨᠠᠷᠠᠰᠢᠬᠤ ᠶᠢ ᠬᠡᠷᠬᠢᠨ ᠰᠡᠷᠭᠡᠶᠢᠯᠡᠨ ᠡᠮᠴᠢᠯᠡᠬᠦ ᠪᠤᠢ
ᠮᠠᠯ ᠤᠨ ᠨᠠᠷᠠᠰᠢᠬᠤ ᠡᠪᠡᠳᠴᠢᠨ ᠨᠢ ᠭᠣᠣᠯᠳᠠᠭᠤ ᠮᠡᠳᠡᠷᠡᠯ ᠦᠨ ᠰᠢᠰᠲ᠋ᠧᠮ ᠵᠢᠴᠢ ᠵᠢᠷᠦᠬᠡ ᠠᠭᠤᠰᠬᠢᠨ ᠤ ᠠᠵᠢᠯᠯᠠᠭ᠎ᠠ ᠬᠢᠮᠤᠷᠠᠯᠳᠤᠭᠰᠠᠨ ᠨᠢᠭᠡ ᠵᠦᠢᠯ ᠦᠨ ᠴᠣᠴᠢᠮᠠᠭ ᠡᠪᠡᠳᠴᠢᠨ ᠮᠥᠨ᠃
ᠡᠪᠡᠳᠴᠢᠨ ᠦ ᠡᠭᠦᠰᠦᠯ ᠨᠢ ᠨᠠᠷᠠᠨ ᠤ ᠬᠤᠷᠴᠠ ᠭᠡᠷᠡᠯ ᠡᠭᠴᠡ ᠲᠤᠰᠤᠭᠰᠠᠨ ᠠᠴᠠ ᠪᠣᠯᠵᠤ᠂ ᠤᠯᠠᠭᠠᠨ ᠤ ᠭᠠᠳᠠᠨᠠᠬᠢ ᠰᠠᠴᠤᠷᠠᠭ ᠪᠠ ᠬᠦᠷᠢᠨ ᠦ ᠭᠠᠳᠠᠨᠠᠬᠢ ᠲᠤᠶᠠᠭ᠎ᠠ ᠭᠠᠪᠠᠯᠠ ᠶᠢᠨ ᠬᠡᠰᠡᠭ ᠲᠦ ᠦᠢᠯᠡᠳᠦᠯ ᠦᠵᠡᠭᠦᠯᠵᠦ᠂ ᠲᠠᠷᠢᠬᠢ ᠪᠠ ᠲᠡᠭᠦᠨ ᠦ ᠬᠠᠯᠢᠰᠤᠨ ᠳᠤ ᠴᠢᠰᠤ ᠬᠠᠷᠪᠤᠬᠤ︔ ᠰᠢᠷᠦᠭᠦᠨ ᠡᠳ᠋ᠯᠡᠭᠡ᠂ ᠬᠠᠰᠢᠶ᠎ᠠ ᠰᠠᠷᠠᠪᠴᠢ ᠢᠪᠴᠤᠤ ᠪᠥᠭᠴᠢᠮ ᠪᠤᠶᠤ ᠮᠠᠯ ᠰᠦᠷᠦᠭ ᠢ ᠪᠥᠭᠡᠮᠨᠡᠷᠡᠭᠦᠯᠦᠨ ᠬᠣᠯᠠ ᠲᠠᠭᠤᠬᠤ︔ ᠳᠠᠪᠤᠰᠤ ᠳᠤᠲᠠᠭᠳᠠᠨ᠂ ᠵᠢᠷᠦᠬᠡᠨ ᠦ ᠠᠵᠢᠯᠯᠠᠭ᠎ᠠ ᠰᠤᠯᠠᠳᠠᠬᠤ᠂ ᠬᠡᠲᠦᠷᠬᠡᠢ ᠵᠡᠷᠭᠡ ᠣᠯᠠᠨ ᠵᠦᠢᠯ ᠡᠴᠡ ᠰᠢᠯᠲᠠᠭᠠᠯᠠᠭᠳᠠᠨ᠎ᠠ᠃
ᠡᠪᠡᠳᠴᠢᠨ ᠦ ᠰᠢᠨᠵᠢ ᠭᠡᠪᠡᠯ᠂ ᠭᠡᠨᠡᠳᠲᠡ ᠡᠪᠡᠳᠴᠢᠯᠡᠨ᠂ ᠂ ᠠᠯᠬᠤᠬᠤ ᠳᠤ ᠪᠠᠨ ︔ ᠴᠣᠭ ᠰᠦᠯᠳᠡ ᠨᠢ ᠪᠠᠭᠤᠷᠠᠨ ᠴᠢᠰᠤᠨ ᠰᠤᠳᠠᠯ ᠨᠢ ᠲᠡᠯᠡᠭᠳᠡᠵᠦ ᠪᠡᠶ᠎ᠡ ᠶᠢᠨ ᠬᠠᠯᠠᠭᠤᠨ ᠤ ᠬᠡᠮᠵᠢᠶ᠎ᠡ ᠨᠢ ᠳᠡᠭᠡᠭᠰᠢᠯᠡᠬᠦ ᠪᠠ ᠵᠢᠷᠦᠬᠡᠨ ᠦ ᠴᠣᠬᠢᠯᠲᠠ ᠨᠢ ᠲᠦᠷᠭᠡᠰᠦᠨ᠂ ᠠᠮᠢᠰᠬᠤᠯ ᠳᠠᠪᠬᠤᠴᠠᠵᠤ᠂ ᠬᠥᠯᠥᠰᠥ ᠴᠤᠪᠤᠷᠠᠨ᠂ ᠨᠢᠳᠤᠨ ᠤ ᠰᠠᠯᠢᠰᠤᠲᠤ ᠪᠦᠷᠬᠦᠪᠴᠢ ᠪᠣᠯᠣᠨ ᠠᠮᠠᠨ ᠤ ᠳᠣᠲᠣᠷ᠎ᠠ ᠡᠷᠬᠡᠲᠡᠨ ᠨᠢ ᠤᠯᠠᠭᠠᠨ ᠪᠤᠶᠤ ᠬᠦᠷᠡᠩ ᠤᠯᠠᠭᠠᠨ ᠥᠩᠭᠡ ᠲᠠᠢ ᠪᠠᠶᠢᠳᠠᠭ᠃ ᠬᠦᠨᠳᠦ ᠦᠶ᠎ᠡ ᠳᠦ ᠪᠤᠯᠴᠢᠩ ᠨᠢ ᠴᠡᠴᠡᠷᠡᠬᠦ᠂ ᠬᠣᠶᠠᠷ ᠨᠢᠳᠤᠨ ᠤ ᠬᠡᠤᠬᠡᠨ ᠬᠠᠷᠠᠭ᠎ᠠ ᠶᠢᠨ ᠶᠡᠬᠡ ᠪᠠᠭ᠎ᠠ ᠨᠢ ᠠᠳᠠᠯᠢ ᠦᠭᠡᠢ᠂ ᠳᠥᠷᠪᠡᠨ ᠮᠥᠴᠢ ᠨᠢ ᠬᠥᠰᠢᠵᠦ᠂ ᠡᠴᠦᠰ ᠲᠡᠭᠡᠨ ᠪᠣᠰᠴᠤ ᠴᠢᠳᠠᠬᠤ ᠦᠭᠡᠢ ᠪᠣᠯᠳᠠᠭ᠃ ᠬᠡᠷᠪᠡ ᠡᠨᠡ ᠦᠶ᠎ᠡ ᠳᠦ ᠲᠦᠷᠭᠡᠨ ᠦᠭᠡᠢ ᠪᠣᠯ ᠦᠬᠦᠵᠦ ᠃
ᠰᠡᠷᠭᠡᠢᠯᠡᠬᠦ ᠠᠷᠭ᠎ᠠ ᠬᠡᠮᠵᠢᠶ᠎ᠡ ᠭᠡᠪᠡᠯ᠂ ᠮᠠᠯ ᠤᠨ ᠪᠡᠶ᠎ᠡ ᠶᠢᠨ ᠬᠠᠯᠠᠭᠤᠨ ᠢ ᠪᠠᠭᠤᠷᠠᠭᠤᠯᠤᠨ ᠲᠠᠷᠬᠠᠭᠠᠵᠤ᠂ ᠨᠠᠷᠠᠰᠢᠬᠤ ᠶᠢ ᠰᠡᠷᠭᠡᠶᠢᠯᠡᠨ᠂ ᠤᠨᠤᠵᠤ ᠬᠥᠯᠬᠦ ᠶᠢ ᠵᠣᠬᠢᠰᠲᠠᠢ ᠲᠣᠬᠢᠷᠠᠭᠤᠯᠤᠨ᠂ ᠢᠯᠡᠭᠦᠦ ᠤᠰᠤᠯᠠᠵᠤ᠂ ᠵᠣᠬᠢᠬᠤ ᠬᠡᠮᠵᠢᠶᠡᠨ ᠦ ᠳᠠᠪᠤᠰᠤ ᠳᠣᠯᠢᠶᠠᠯᠭᠠᠨ᠎ᠠ᠃ ᠬᠡᠷᠪᠡ ᠡᠪᠡᠳᠴᠢᠯᠡᠭᠰᠡᠨ ᠪᠠᠶᠢᠪᠠᠯ ᠡᠳ᠋ᠯᠡᠬᠦ ᠪᠡᠨ ᠵᠣᠭᠰᠤᠭᠠᠨ᠂ ᠰᠡᠷᠢᠭᠦᠨ ᠪᠦᠭᠡᠳ ᠰᠠᠯᠬᠢ ᠨᠡᠪᠲᠡᠷᠡᠬᠦ ᠭᠠᠵᠠᠷ ᠲᠤ ᠪᠠᠶᠢᠯᠭᠠᠵᠤ᠂ ᠲᠣᠯᠣᠭᠠᠢ ᠪᠣᠯᠣᠨ ᠴᠡᠭᠡᠵᠢᠨ ᠬᠡᠰᠡᠭ ᠲᠦ ᠬᠦᠢᠲᠡᠨ ᠤᠰᠤ ᠴᠢᠳᠬᠤᠬᠤ ᠪᠤᠶᠤ ᠬᠦᠢᠲᠡᠨ ᠵᠢᠩ ᠲᠠᠯᠪᠢᠵᠤ᠂ ᠭᠦᠷᠡᠭᠡᠨ ᠰᠤᠳᠠᠯ 1000 ᠮᠢᠯᠢᠯᠢᠲᠷ ᠣᠷᠴᠢᠮ ᠴᠢᠰᠤ ᠬᠠᠨᠠᠵᠦ ᠳᠠᠷᠠᠭ᠎ᠠ ᠨᠢ ᠭᠦᠷᠡᠭᠡᠨ ᠰᠤᠳᠠᠯ ᠹᠢᠽᠢᠣᠯᠣᠭᠢ ᠶᠢᠨ ᠳᠠᠪᠤᠰᠤᠨ ᠠᠭᠤᠰᠤᠮᠠᠯ ᠢ 1000 2000 ᠮᠢᠯᠢᠯᠢᠲᠷ ᠲᠠᠷᠢᠵᠤ ᠥᠭᠭᠦᠨ᠎ᠡ᠃ ᠴᠢᠬᠤᠯᠠ ᠲᠠᠢ ᠦᠶ᠎ᠡ ᠳᠦ ᠵᠢᠷᠦᠬᠡ ᠰᠠᠶᠢᠵᠢᠷᠠᠭᠤᠯᠬᠤ ᠡᠮ ᠲᠠᠷᠢᠬᠤ ᠪᠤᠶᠤ ᠡᠰᠡᠬᠦᠯ᠎ᠡ ᠬᠦᠢᠲᠡᠨ ᠤᠰᠤ ᠪᠠᠷ ᠬᠣᠰᠬᠢᠨᠠᠭ ᠲᠤᠨᠢ ᠪᠤᠷᠭᠤᠢ ᠲᠠᠯᠪᠢᠵᠤ᠂ ᠵᠡᠭᠦᠦ ᠲᠥᠭᠡᠨᠡᠯᠭᠡ ᠶᠢᠨ ᠵᠠᠰᠠᠯ ᠬᠢᠬᠦ ᠪᠤᠶᠤ ᠬᠠᠯᠠᠭᠤᠨ ᠢ ᠴᠢᠰᠤ ᠶᠢ ᠰᠡᠷᠢᠭᠦᠳᠬᠡᠬᠦ᠂ ᠠᠮᠤᠷᠵᠢᠭᠤᠯᠬᠤ ᠡᠪᠡᠰᠦᠨ ᠡᠮ ᠴᠢᠳᠬᠤᠨ᠎ᠠ᠃