ᠤᠨᠲᠠᠬᠤ ᠪᠣᠯ ᠠᠮᠢᠳᠤ ᠪᠣᠳᠠᠰ ᠤᠨ ᠬᠤᠪᠢᠰᠤᠯ ᠤᠨ ᠬᠠᠮᠤᠭ ᠤᠨ ᠦᠨᠳᠦᠰᠦᠨ ᠠᠮᠢ ᠨᠠᠰᠤᠨ ᠤ ᠥᠩᠭᠡᠷᠡᠯᠲᠡ ᠪᠠᠶᠢᠵᠤ᠂ ᠬᠥᠮᠥᠨ ᠨᠢᠭᠡ ᠨᠠᠰᠤᠨ ᠤ ᠪᠠᠨ 1/3 ᠴᠠᠭ ᠢ ᠤᠨᠲᠠᠵᠤ ᠥᠩᠭᠡᠷᠡᠭᠡᠳᠡᠭ᠃
ᠪᠠᠶᠢᠴᠠᠭᠠᠯᠲᠠ ᠶᠢ ᠦᠨᠳᠦᠰᠦᠯᠡᠪᠡᠯ᠂ ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠳᠤᠮᠳᠠᠴᠢ ᠤᠨᠲᠠᠬᠤ ᠴᠠᠭ ᠨᠢ 6.75 ᠴᠠᠭ ᠪᠠᠶᠢᠵᠤ᠂ ᠵᠠᠯᠠᠭᠤᠴᠤᠳ ᠢᠯᠠᠩᠭᠤᠶ᠎ᠠ 2000 ᠣᠨ ᠠᠴᠠ ᠰᠡᠭᠦᠯᠡᠷ ᠲᠦᠷᠦᠭᠰᠡᠳ ᠨᠢ ᠰᠥᠨᠢᠵᠢᠨ ᠤᠨᠲᠠᠬᠤ ᠦᠭᠡᠢ ᠬᠥᠮᠥᠰ ᠤᠨ ᠳᠤᠮᠳᠠ ᠶᠡᠭᠡ ᠬᠤᠪᠢ ᠶᠢ ᠡᠵᠡᠯᠡᠬᠦ ᠪᠣᠯᠵᠠᠢ᠃ ᠶᠠᠭᠠᠬᠢᠪᠠᠯ ᠰᠠᠶ᠋ᠢ ᠰᠠᠶᠢᠨ ᠤᠨᠲᠠᠵᠤ᠂ ᠪᠦᠭᠡ ᠨᠣᠶᠢᠷᠰᠤᠵᠤ ᠴᠢᠳᠠᠬᠤ ᠪᠤᠶ︖ ᠡᠯ᠎ᠡ ᠵᠦᠢᠯ ᠤᠨ ᠤᠨᠲᠠᠬᠤ ᠳᠤ ᠲᠤᠰᠠᠯᠠᠬᠤ ᠣᠶᠤᠨᠴᠢ ᠲᠥᠬᠦᠭᠡᠷᠦᠮᠵᠢ ᠨᠢ ᠦᠨᠡᠬᠡᠷ ᠦᠢᠯᠡᠳᠦᠯ ᠲᠠᠢ ᠭᠡᠵᠦ ᠤᠤ︖
ᠤᠨᠲᠠᠯᠭ᠎ᠠ ᠶᠢᠨ ᠶᠠᠰᠤ ᠴᠢᠨᠠᠷ ᠢ ᠳᠡᠭᠡᠭᠰᠢᠯᠡᠭᠦᠯᠭᠦ ᠴᠢᠬᠤᠯᠠᠲᠠᠢ
《ᠣᠷᠣ ᠳᠡᠭᠡᠷ᠎ᠡ ᠪᠠᠨ ᠬᠡᠪᠲᠡᠭᠡᠳ ᠤᠨᠲᠠᠵᠤ ᠣᠷᠣᠬᠤ ᠦᠭᠡᠢ ᠨᠢ ᠶᠠᠭ ᠯᠠ︿ᠪᠤᠭᠤᠷᠰᠤᠭ ᠬᠠᠭᠠᠷᠢᠬᠤ﹀ ᠰᠢᠭ᠋ ᠪᠠᠶᠢᠵᠤ᠂ ᠦᠨᠡᠬᠡᠷ ᠬᠥᠮᠥᠰ ᠢ ᠰᠢᠨᠠᠯᠭᠠᠳᠠᠭ》᠃ ᠳᠤᠮᠳᠠᠳᠤ ᠤᠯᠤᠰ ᠤᠨ ᠤᠨᠲᠠᠯᠭ᠎ᠠ ᠶᠢᠨ ᠰᠤᠳᠤᠯᠭᠠᠨ ᠤ ᠨᠡᠶᠢᠭᠡᠮᠯᠢᠭ ᠤᠨ ᠨᠡᠶᠢᠲᠡᠯᠡᠭᠰᠡᠨ《2024 ᠣᠨ ᠤ ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠤᠨᠲᠠᠯᠭ᠎ᠠ ᠶᠢᠨ ᠡᠷᠡᠭᠦᠯ ᠮᠡᠨᠳᠦ ᠶᠢᠨ ᠴᠠᠭᠠᠨ ᠭᠠᠳᠠᠷᠲᠤ ᠪᠢᠴᠢᠭ》 ᠠᠴᠠ ᠦᠵᠡᠪᠡᠯ᠂ ᠪᠠᠶᠢᠴᠠᠭᠠᠭᠳᠠᠭᠰᠠᠨ ᠰᠠᠭᠤᠭᠠᠯᠢ ᠠᠷᠠᠳ ᠤᠨ ᠰᠥᠨᠢ ᠳᠡᠭᠡᠨ ᠰᠡᠷᠢᠭᠦ ᠤᠳᠠᠭ᠎ᠠ ᠨᠢ ᠳᠤᠮᠳᠠᠴᠢ ᠪᠠᠷ 1.4 ᠤᠳᠠᠭ᠎ᠠ ᠪᠠᠶᠢᠵᠤ᠂ ᠳᠤᠮᠳᠠᠴᠢ ᠤᠨᠲᠠᠬᠤ ᠴᠠᠭ ᠨᠢ 6.75 ᠴᠠᠭ ᠬᠦᠷᠴᠦ ᠪᠤᠢ᠃ ᠭᠡᠬᠦ ᠳᠡᠭᠡᠨ 《ᠡᠷᠡᠭᠦᠯ ᠡᠩᠬᠡ ᠳᠤᠮᠳᠠᠳᠤ ᠤᠯᠤᠰ ᠤᠨ ᠠᠵᠢᠯᠯᠠᠭ᠎ᠠ ︵2019 ︱ 2030 ᠣᠨ︶》 ᠳᠤ᠂ ᠨᠠᠰᠤᠨ ᠳᠤ ᠭᠦᠷᠦᠭᠰᠡᠳ ᠡᠳᠦᠷ ᠪᠦᠷᠢ ᠳᠤᠮᠳᠠᠴᠢ ᠪᠠᠷ 7 ︱ 8 ᠴᠠᠭ ᠤᠨᠲᠠᠪᠠᠯ ᠵᠣᠬᠢᠨ᠎ᠠ ᠭᠡᠵᠦ ᠰᠠᠨᠠᠭᠠᠴᠢᠯᠠᠵᠠᠢ᠃
《ᠳᠤᠮᠳᠠᠳᠤ ᠤᠯᠤᠰ ᠤᠨ ᠤᠨᠲᠠᠯᠭ᠎ᠠ ᠶᠢᠨ ᠰᠤᠳᠤᠯᠭᠠᠨ ᠤ ᠮᠡᠳᠡᠭᠦᠯᠦᠯᠲᠡ 2024》 ᠶᠢ ᠦᠨᠳᠦᠰᠦᠯᠡᠪᠡᠯ᠂ ᠳᠤᠮᠳᠠᠳᠤ ᠤᠯᠤᠰ ᠤᠨ ᠰᠠᠭᠤᠭᠠᠯᠢ ᠠᠷᠠᠳ ᠤᠨ 2023 ᠣᠨ ᠤ ᠤᠨᠲᠠᠯᠭ᠎ᠠ ᠶᠢᠨ ᠵᠢᠭᠠᠯᠲᠠ ᠲᠤᠭ᠎ᠠ 62.61 ᠪᠠᠶᠢᠵᠤ᠂ ᠣᠶᠢᠷ᠎ᠠ ᠶᠢᠨ 3 ᠵᠢᠯ ᠤᠨ ᠲᠤᠷᠰᠢᠬᠢ ᠬᠠᠮᠤᠭ ᠤᠨ ᠳᠣᠣᠷ᠎ᠠ ᠬᠡᠮᠵᠢᠶᠡᠨ ᠳᠤ ᠬᠦᠷᠴᠡᠢ᠃ ᠡᠭᠦᠨ ᠤ ᠬᠠᠮᠲᠤ ᠪᠠᠶᠢᠴᠠᠭᠠᠭᠳᠠᠭᠴᠢ ᠶᠢᠨ ᠤᠨᠲᠠᠯᠭ᠎ᠠ ᠶᠢᠨ ᠴᠢᠨᠠᠷ ᠴᠢᠨᠰᠠᠭ᠎ᠠ ᠮᠠᠭᠤ᠂ ᠤᠨᠲᠠᠬᠤ ᠡᠮ ᠬᠡᠷᠡᠭᠯᠡᠬᠦ ᠨᠢ ᠤᠯᠠᠮ ᠢᠯᠡᠭᠦᠳᠡᠭᠰᠡᠨ ᠵᠡᠷᠭᠡ ᠪᠠᠶᠢᠳᠠᠯ ᠢᠯᠡᠷᠡᠵᠡᠢ᠃
ᠤᠨᠲᠠᠯᠭ᠎ᠠ ᠶᠢᠨ ᠶᠠᠰᠤ ᠴᠢᠨᠠᠷ ᠮᠠᠭᠤᠳᠠᠭᠰᠠᠨ ᠨᠢ ᠶᠠᠮᠠᠷ ᠰᠢᠯᠲᠠᠭᠠᠨ ᠠᠴᠠ ᠪᠣᠯᠤᠭᠰᠠᠨ ᠪᠤᠢ︖ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠡᠶᠢᠭᠡᠮ ᠤᠨ ᠤᠬᠠᠭᠠᠨ ᠤ ᠰᠤᠳᠤᠯᠭᠠᠨ ᠤ ᠭᠠᠵᠠᠷ ᠤᠨ ᠨᠡᠶᠢᠭᠡᠮ ᠤᠨ ᠰᠡᠳᠬᠢᠴᠡ ᠵᠦᠢ ᠶᠢᠨ ᠰᠤᠳᠤᠯᠭᠠᠨ ᠤ ᠲᠥᠪ ᠤᠨ ᠡᠷᠭᠢᠯᠡᠭᠴᠢ ᠸᠠᠩ ᠵᠢᠶᠦ᠋ᠨ ᠰᠢᠸ ᠶᠢᠨ ᠦᠵᠡᠬᠦ ᠪᠠᠷ᠂ ᠢᠨᠲ᠋ᠧᠷ ᠰᠦᠯᠵᠢᠶ᠎ᠡ᠂ ᠭᠠᠷ ᠤᠲᠠᠰᠤᠨ ᠳᠤ ᠲᠦᠰᠢᠭᠯᠡᠬᠦ ᠪᠣᠯ ᠭᠤᠣᠯ ᠰᠢᠯᠲᠠᠭᠠᠨ ᠤ ᠨᠢᠭᠡ ᠮᠥᠨ ᠭᠡᠵᠡᠢ᠃
ᠬᠤᠯᠪᠣᠭᠳᠠᠯ ᠪᠦᠬᠦᠢ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠢᠨᠲ᠋ᠧᠷ ᠰᠦᠯᠵᠢᠶ᠎ᠡ ᠲᠠᠢ ᠬᠤᠯᠪᠣᠭᠳᠠᠭᠰᠠᠨ ᠠᠵᠢᠯ ᠲᠦᠷᠦᠯ ᠤᠨ ᠬᠥᠮᠥᠰ ᠤᠨ ᠰᠥᠨᠢ ᠪᠦᠷᠢ ᠶᠢᠨ ᠳᠤᠮᠳᠠᠴᠢ ᠤᠨᠲᠠᠬᠤ ᠴᠠᠭ ᠤᠨ ᠣᠷᠳᠣ ᠨᠢ 8 ᠴᠠᠭ ᠪᠤᠶᠤ 8 ᠴᠠᠭ ᠠᠴᠠ ᠳᠡᠭᠡᠭᠰᠢ ᠪᠠᠶᠢᠬᠤ ᠬᠠᠷᠢᠴᠠᠯ ᠨᠢ ᠴᠥᠮ 50% ᠠᠴᠠ ᠳᠣᠣᠷ᠎ᠠ ᠪᠠᠶᠢᠳᠠᠭ ︔ 56% ᠶᠢᠨ ᠣᠶᠤᠲᠠᠳ ᠡᠳᠦᠷ ᠪᠦᠷᠢ 8 ᠴᠠᠭ ᠠᠴᠠ ᠢᠯᠡᠭᠦᠦ ᠭᠠᠷ ᠤᠲᠠᠰᠤ ᠬᠡᠷᠡᠭᠯᠡᠵᠦ ᠪᠠᠶᠢᠬᠤ ᠪᠥᠭᠡᠳ 52% ᠤᠨ ᠬᠥᠮᠥᠰ ᠲᠡᠭ ᠴᠠᠭ ᠠᠴᠠ ᠰᠡᠭᠦᠯᠡᠷ ᠤᠨᠲᠠᠵᠤ ᠪᠠᠶᠢᠨ᠎ᠠ᠃
《ᠺᠤᠮᠫᠢᠦ᠋ᠲ᠋ᠧᠷ᠂ ᠭᠠᠷ ᠤᠲᠠᠰᠤ ᠵᠡᠷᠭᠡ ᠡᠯᠧᠺᠲᠷᠣᠨ ᠲᠥᠬᠦᠭᠡᠷᠦᠮᠵᠢ ᠶᠢᠨ ᠲᠦᠭᠡᠮᠡᠯᠵᠢᠬᠦ ᠶᠢ ᠳᠠᠭᠠᠯᠳᠤᠨ᠂ ᠬᠥᠮᠥᠰ ᠤᠨᠲᠠᠬᠤ ᠠᠴᠠ ᠪᠠᠨ ᠡᠮᠦᠨ᠎ᠡ ᠬᠥᠬᠡ ᠭᠡᠷᠡᠯ ᠵᠡᠷᠭᠡ ᠰᠡᠳᠦᠯᠲᠡ ᠶᠢᠨ ᠴᠢᠨᠠᠷᠲᠠᠢ ᠭᠡᠷᠡᠯ ᠡᠭᠦᠰᠬᠡᠭᠴᠢ ᠶᠢᠨ ᠨᠥᠯᠥᠭᠡᠯᠡᠯ ᠢ ᠬᠦᠷᠲᠡᠵᠦ᠂ ᠠᠮᠢᠳᠤ ᠪᠣᠳᠠᠰ ᠤᠨ ᠴᠠᠭ ᠬᠠᠷᠰᠢᠯᠠᠭᠳᠠᠬᠤ ᠶᠢᠨ ᠬᠠᠮᠲᠤ ᠡᠯᠧᠺᠲᠷᠣᠨ ᠲᠥᠬᠦᠭᠡᠷᠦᠮᠵᠢ ᠳᠤ ᠬᠡᠲᠦᠷᠬᠡᠢ ᠰᠢᠨᠤᠪᠠᠯ ᠤᠶᠤᠨ ᠰᠠᠨᠠᠭᠠᠨ ᠤ ᠲᠠᠯ᠎ᠠ ᠪᠠᠷ ᠨᠠᠶᠢᠳᠠᠮᠠᠲᠠᠭᠠᠶ ᠪᠤᠯᠳᠠᠭ᠂ ᠡᠨᠡ ᠨᠢ ᠪᠠᠰᠠ ᠤᠨᠲᠠᠬᠤ ᠳᠤ ᠬᠦᠴᠢᠷᠳᠡᠬᠦ ᠪᠤᠶᠤ ᠤᠨᠲᠠᠬᠤ ᠭᠡᠮᠨᠡᠯ ᠠᠯᠳᠠᠭᠳᠠᠬᠤ ᠠᠰᠠᠭᠤᠳᠠᠯ ᠢ ᠡᠭᠦᠰᠬᠡᠳᠡᠭ》ᠭᠡᠵᠦ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠠᠺᠠᠳᠧᠮᠢᠴᠢ᠂ ᠪᠡᠭᠡᠵᠢᠩ ᠶᠡᠭᠡ ᠰᠤᠷᠭᠠᠭᠤᠯᠢ ᠶᠢᠨ ᠵᠢᠷᠭᠤᠳᠤᠭᠠᠷ ᠠᠷᠠᠳ ᠤᠨ ᠡᠮᠨᠡᠯᠭᠡ ᠶᠢᠨ ᠬᠤᠷᠢᠶᠠᠨ ᠤ ᠳᠠᠷᠤᠭ᠎ᠠ ᠯᠦ ᠯᠢᠨ ᠶᠠᠷᠢᠯ᠎ᠠ᠃
ᠰᠦᠯᠵᠢᠶᠡᠨ ᠳᠤ ᠨᠠᠶᠢᠳᠠᠬᠤ ᠵᠡᠷᠭᠡ ᠮᠠᠭᠤ ᠳᠠᠳᠬᠠᠯ ᠠᠴᠠ ᠭᠠᠳᠠᠨ᠎ᠠ᠂ ᠤᠷᠮ᠎ᠠ ᠰᠡᠳᠬᠢᠯᠭᠡ ᠪᠣᠯᠣᠨ ᠳᠠᠷᠤᠯᠲᠠ ᠨᠢ ᠴᠦ ᠤᠨᠲᠠᠬᠤ ᠳᠤ ᠬᠠᠷᠰᠢ ᠰᠠᠭᠠᠳ ᠪᠤᠯᠳᠠᠭ᠃
《ᠬᠠᠭᠠᠰ ᠢᠯᠡᠭᠦᠦ ᠲᠣᠭᠠᠨ ᠤ ᠡᠪᠡᠳᠴᠢᠲᠡᠨ ᠨᠢ ᠴᠥᠮ ᠰᠡᠳᠬᠢᠴᠡ ᠶᠢᠨ ᠰᠢᠯᠲᠠᠭᠠᠨ ᠠᠴᠠ ᠪᠣᠯᠤᠭᠰᠠᠨ ᠤᠨᠲᠠᠯᠭ᠎ᠠ ᠶᠢᠨ ᠰᠠᠭᠠᠲᠠᠯ ᠲᠠᠢ ᠪᠣᠯᠤᠭᠰᠠᠨ ᠪᠠᠶᠢᠵᠤ ᠮᠡᠳᠡᠨ᠎ᠡ》ᠭᠡᠵᠦ ᠱᠠᠩᠬᠠᠢ ᠶᠢᠨ ᠬᠢᠲᠠᠳ ᠡᠮ ᠡᠮᠨᠡᠯᠭᠡ ᠶᠢᠨ ᠶᠡᠭᠡ ᠰᠤᠷᠭᠠᠭᠤᠯᠢ ᠶᠢᠨ ᠬᠠᠷᠢᠶᠠᠲᠤ ᠯᠦᠩ ᠬᠤᠸᠠ ᠡᠮᠨᠡᠯᠭᠡ ᠶᠢᠨ ᠬᠤᠷᠢᠶᠠᠨ ᠤ ᠤᠨᠲᠠᠯᠭ᠎ᠠ ᠶᠢᠨ ᠠᠨᠠᠭᠠᠬᠤ ᠤᠬᠠᠭᠠᠨ ᠤ ᠲᠥᠪ ᠤᠨ ᠡᠮᠴᠢ ᠲᠠᠩ ᠺᠠᠩ ᠮᠢᠨ ᠲᠠᠨᠢᠯᠴᠠᠭᠤᠯᠬᠤ ᠶᠢᠨ ᠬᠠᠮᠲᠤ᠂ ᠨᠣᠶᠢᠷ ᠬᠤᠯᠵᠢᠬᠤ ᠶᠢᠨ ᠰᠢᠯᠲᠠᠭᠠᠨ ᠨᠢ ᠤᠳᠤᠮᠯᠠᠯ ᠵᠡᠷᠭᠡ ᠲᠥᠷᠥᠯᠬᠢ ᠰᠢᠯᠲᠠᠭᠠᠨ ᠠᠴᠠ ᠭᠠᠳᠠᠨ᠎ᠠ ᠪᠠᠰᠠ ᠳᠠᠷᠤᠯᠲᠠ ᠶᠡᠭᠡ᠂ ᠰᠡᠳᠬᠢᠴᠡ ᠶᠢᠨ ᠵᠣᠪᠠᠨᠢᠯ ᠵᠡᠷᠭᠡ ᠠᠴᠠ ᠪᠤᠯᠳᠠᠭ ᠭᠡᠵᠦ ᠪᠠᠶᠢᠯ᠎ᠠ᠃
ᠤᠨᠲᠠᠵᠤ ᠣᠷᠣᠬᠤ ᠦᠭᠡᠢ ᠪᠣᠯ ᠶᠠᠭᠠᠬᠢᠪᠠᠯ ᠵᠣᠬᠢᠬᠤ ᠪᠤᠢ︖
《ᠮᠠᠨ ᠤ ᠤᠯᠤᠰ ᠤᠨ ᠤᠨᠲᠠᠯᠭ᠎ᠠ ᠶᠢᠨ ᠠᠨᠠᠭᠠᠬᠤ ᠤᠬᠠᠭᠠᠨ ᠨᠡᠯᠢᠶᠡᠳ ᠣᠷᠣᠢ ᠡᠬᠢᠯᠡᠭᠰᠡᠨ ᠪᠥᠭᠡᠳ ᠣᠳᠣᠬᠠᠨ ᠳᠤ ᠥᠨᠳᠥᠷ ᠬᠢᠷᠢ ᠬᠡᠮᠵᠢᠶᠡᠨ ᠤ ᠤᠨᠲᠠᠯᠭ᠎ᠠ ᠶᠢᠨ ᠠᠨᠠᠭᠠᠬᠤ ᠤᠬᠠᠭᠠᠨ ᠤ ᠴᠢᠳᠠᠪᠤᠷᠢᠲᠠᠨ ᠮᠥᠨ ᠬᠦ ᠨᠡᠯᠢᠶᠡᠳ ᠴᠥᠭᠡᠨ ᠪᠠᠶᠢᠨ᠎ᠠ》ᠭᠡᠵᠦ ᠯᠦ ᠯᠢᠨ ᠶᠠᠷᠢᠬᠤ ᠶᠢᠨ ᠳᠠᠭᠠᠤ᠂ ᠢᠷᠡᠭᠡᠳᠦᠢ ᠳᠤ ᠤᠨᠲᠠᠯᠭ᠎ᠠ ᠶᠢᠨ ᠠᠨᠠᠭᠠᠬᠤ ᠤᠬᠠᠭᠠᠨ ᠤ ᠲᠤᠰᠬᠠᠢ ᠮᠡᠷᠭᠡᠵᠢᠯ ᠤᠨ ᠴᠢᠳᠠᠪᠤᠷᠢᠲᠠᠨ ᠢ ᠬᠥᠮᠥᠵᠢᠭᠦᠯᠬᠦ ᠶᠢ ᠴᠢᠩᠭᠠᠳᠬᠠᠵᠤ᠂ ᠮᠡᠳᠡᠷᠡᠯ ᠤᠨ ᠰᠠᠯᠠᠭ᠎ᠠ᠂ ᠮᠡᠳᠡᠷᠡᠯ ᠤᠨ ᠳᠣᠲᠣᠷ ᠰᠠᠯᠠᠭ᠎ᠠ᠂ ᠠᠮᠢᠰᠬᠤᠯ ᠤᠨ ᠰᠠᠯᠠᠭ᠎ᠠ ᠵᠡᠷᠭᠡ ᠣᠯᠠᠨ ᠲᠤᠰᠬᠠᠢ ᠮᠡᠷᠭᠡᠵᠢᠯ ᠲᠠᠢ ᠬᠠᠮᠲᠤ ᠪᠠᠷ ᠰᠣᠯᠢᠯᠴᠠᠬᠤ ᠪᠠᠷ ᠳᠠᠮᠵᠢᠭᠤᠯᠤᠨ᠂ ᠤᠨᠲᠠᠯᠭ᠎ᠠ ᠶᠢᠨ ᠡᠭᠦᠰᠦᠯᠲᠡ ᠶᠢᠨ ᠬᠥᠭᠵᠢᠯᠲᠡ ᠶᠢᠨ ᠲᠣᠭᠲᠠᠴᠠ ᠶᠢ ᠭᠦᠨᠵᠡᠭᠡᠢ ᠰᠤᠳᠤᠯᠵᠤ᠂ ᠰᠢᠨ᠎ᠡ ᠭᠡᠯᠪᠡᠷᠢ ᠶᠢᠨ ᠭᠠᠷ ᠲᠦᠷᠦᠭᠦ ᠠᠷᠭ᠎ᠠ ᠪᠣᠳᠣᠯᠭ᠎ᠠ ᠶᠢ ᠨᠡᠭᠡᠭᠡᠨ ᠬᠥᠭᠵᠢᠭᠦᠯᠵᠦ᠂ ᠡᠪᠡᠳᠴᠢᠲᠡᠨ ᠳᠤ ᠨᠠᠩ ᠰᠠᠶᠢᠨ ᠦᠢᠯᠡᠴᠢᠯᠡᠬᠦ ᠬᠡᠷᠡᠭᠲᠡᠢ ᠭᠡᠵᠡᠢ᠃
ᠣᠶᠢᠯᠠᠭᠠᠭᠰᠠᠨ ᠢᠶᠠᠷ᠂ ᠣᠳᠣᠬᠠᠨ ᠳᠤ ᠪᠦᠭᠦ ᠤᠯᠤᠰ ᠲᠤ ᠨᠢᠭᠡᠨᠲᠡ ᠮᠠᠰᠢ ᠣᠯᠠᠨ ᠡᠮᠨᠡᠯᠭᠡ ᠶᠢᠨ ᠬᠤᠷᠢᠶ᠎ᠠ ᠪᠠ ᠶᠡᠭᠡ ᠳᠡᠭᠡᠳᠦ ᠰᠤᠷᠭᠠᠭᠤᠯᠢ ᠳᠤ ᠤᠨᠲᠠᠬᠤ ᠲᠥᠪ᠂ ᠤᠨᠲᠠᠬᠤ ᠶᠢ ᠬᠢᠨᠠᠨ ᠬᠡᠮᠵᠢᠬᠦ ᠲᠠᠰᠤᠭ᠂ ᠤᠨᠲᠠᠯᠭ᠎ᠠ ᠶᠢᠨ ᠡᠭᠦᠳᠡᠨ ᠡᠮᠨᠡᠯᠭᠡ ᠵᠡᠷᠭᠡ ᠶᠢ ᠪᠠᠶᠢᠭᠤᠯᠤᠭᠰᠠᠨ ᠪᠠᠶᠢᠨ᠎ᠠ᠃ ᠡᠭᠦᠨ ᠤ ᠬᠠᠮᠲᠤ᠂ ᠠᠵᠢᠯ ᠲᠥᠷᠥᠯ ᠤᠨ ᠳᠣᠲᠣᠷ᠎ᠠ ᠪᠠᠨ ᠨᠢᠭᠡᠨᠲᠡ 《ᠳᠤᠮᠳᠠᠳᠤ ᠤᠯᠤᠰ ᠤᠨ ᠨᠣᠶᠢᠷ ᠬᠤᠯᠵᠢᠬᠤ ᠰᠠᠭᠠᠳ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠵᠦᠭᠯᠡᠭᠦᠷ》᠂ 《ᠳᠤᠮᠳᠠᠳᠤ ᠤᠯᠤᠰ ᠤᠨ ᠤᠨᠲᠠᠯᠭ᠎ᠠ ᠶᠢᠨ ᠠᠨᠠᠭᠠᠬᠤ ᠤᠬᠠᠭᠠᠨ ᠤ ᠲᠥᠪ ᠤᠨ ᠪᠠᠷᠢᠮᠵᠢᠶᠠᠵᠢᠭᠤᠯᠬᠤ ᠪᠦᠲᠦᠭᠡᠨ ᠪᠠᠶᠢᠭᠤᠯᠤᠯᠲᠠ ᠶᠢᠨ ᠵᠦᠭᠯᠡᠭᠦᠷ》ᠵᠡᠷᠭᠡ ᠶᠢ ᠨᠠᠶᠢᠷᠠᠭᠤᠯᠤᠨ ᠵᠣᠬᠢᠶᠠᠪᠠ᠃《ᠤᠨᠲᠠᠯᠭ᠎ᠠ ᠶᠢᠨ ᠠᠰᠠᠭᠤᠳᠠᠯ ᠲᠠᠢ ᠡᠪᠡᠳᠴᠢᠲᠡᠨ ᠳᠤ ᠡᠮᠨᠡᠯᠭᠡ ᠶᠢᠨ ᠬᠤᠷᠢᠶᠠᠨ ᠳᠤ︿ᠤᠨᠲᠠᠯᠭ᠎ᠠ ᠶᠢᠨ ᠰᠠᠯᠠᠭ᠎ᠠ﹀ᠪᠠᠶᠢᠬᠤ ᠶᠢ ᠮᠡᠳᠡᠭᠦᠯᠵᠦ᠂ ᠤᠨᠲᠠᠯᠭ᠎ᠠ ᠶᠢᠨ ᠠᠨᠠᠭᠠᠬᠤ ᠤᠬᠠᠭᠠᠨ ᠤ ᠪᠠᠶᠢᠭᠤᠯᠤᠯᠲᠠ ᠶᠢᠨ ᠬᠢᠷᠢ ᠲᠦᠪᠰᠢᠨ ᠪᠠ ᠨᠥᠯᠥᠭᠡᠯᠡᠬᠦ ᠬᠦᠴᠦᠨ ᠢ ᠲᠠᠰᠤᠷᠠᠯᠲᠠ ᠦᠭᠡᠢ ᠳᠡᠭᠡᠭᠰᠢᠯᠡᠭᠦᠯᠭᠦ ᠬᠡᠷᠡᠭᠲᠡᠢ》ᠭᠡᠵᠦ ᠯᠦ ᠯᠢᠨ ᠬᠡᠯᠡᠪᠡ᠃
《ᠶᠠᠳᠠᠷᠠᠯ》 ᠳᠤ ᠨᠢᠭᠤᠭᠳᠠᠭᠰᠠᠨ ᠬᠤᠳᠠᠯᠳᠤᠭᠠᠨ ᠤ ᠲᠣᠭᠢᠶᠠᠯ
ᠣᠶᠤᠨᠯᠢᠭ ᠳᠡᠪᠢᠰᠬᠡᠷ᠂ ᠤᠨᠲᠠᠭᠤᠯᠬᠤ ᠬᠡᠮᠵᠢᠭᠦᠷᠯᠢᠭ᠂ ᠤᠨᠲᠠᠭᠤᠯᠬᠤ ᠳᠠᠭᠤᠤ ᠬᠥᠭᠵᠢᠮ᠂ ᠤᠨᠲᠠᠯᠭ᠎ᠠ ᠶᠢ ᠬᠢᠨᠠᠨ ᠬᠡᠮᠵᠢᠬᠦ APP ᠁ ᠵᠡᠷᠭᠡ ᠡᠯ᠎ᠡ ᠲᠥᠷᠥᠯ ᠤᠨ ᠤᠨᠲᠠᠭᠤᠯᠬᠤ ᠪᠦᠲᠦᠭᠡᠭᠳᠡᠬᠦᠨ ᠮᠠᠰᠢ ᠤᠯᠠᠨ ᠪᠠᠶᠢᠳᠠᠭ᠃ ᠪᠦᠷᠢᠳᠬᠡᠯ ᠢ ᠦᠨᠳᠦᠰᠦᠯᠡᠪᠡᠯ᠂ 2016︱2020 ᠣᠨ ᠪᠤᠯᠲᠠᠯ᠎ᠠ᠂ ᠳᠤᠮᠳᠠᠳᠤ ᠤᠯᠤᠰ ᠤᠨ ᠤᠨᠲᠠᠯᠭ᠎ᠠ ᠶᠢᠨ ᠠᠵᠤ ᠠᠬᠤᠢ ᠶᠢᠨ ᠪᠦᠬᠦᠯᠢ ᠴᠣᠭᠴᠠ ᠶᠢᠨ ᠬᠡᠪᠴᠢᠶ᠎ᠡ 2600 ᠭᠠᠷᠤᠢ ᠳ᠋ᠦᠩᠰᠢᠭᠤᠷ ᠲᠥᠭᠦᠷᠢᠭ ᠪᠠᠶᠢᠭᠰᠠᠨ ᠠᠴᠠ ᠪᠠᠨ ᠨᠡᠮᠡᠭᠳᠡᠭᠡᠳ 3700 ᠭᠠᠷᠤᠢ ᠳ᠋ᠦᠩᠰᠢᠭᠤᠷ ᠲᠥᠭᠦᠷᠢᠭ ᠲᠤ ᠭᠦᠷᠴᠡᠢ᠃ ᠣᠳᠣᠬᠠᠨ ᠳᠤ ᠳᠤᠮᠳᠠᠳᠤ ᠤᠯᠤᠰ ᠲᠤ ᠪᠠᠶᠢᠭ᠎ᠠ ᠤᠨᠲᠠᠯᠭ᠎ᠠ ᠲᠠᠢ ᠬᠤᠯᠪᠤᠭ᠎ᠠ ᠪᠦᠬᠦᠢ ᠠᠵᠤ ᠠᠬᠤᠶᠢᠯᠠᠯ ᠤᠨ ᠲᠤᠭ᠎ᠠ 9000 ᠶᠢ ᠳᠠᠪᠠᠵᠤ᠂ ᠡᠭᠦᠨ ᠳᠤ ᠣᠯᠠᠩᠬᠢ ᠨᠢ ᠣᠷᠴᠢᠮ ᠤᠨ 1 ᠠᠴᠠ 5 ᠵᠢᠯ ᠤᠨ ᠳᠣᠲᠣᠷ᠎ᠠ ᠪᠠᠶᠢᠭᠤᠯᠤᠭᠳᠠᠭᠰᠠᠨ ᠪᠠᠶᠢᠨ᠎ᠠ᠃
ᠲᠡᠳᠡᠭᠡᠷ ᠤᠨᠲᠠᠯᠭ᠎ᠠ ᠳᠤ ᠲᠤᠰᠠᠲᠠᠢ ᠦᠢᠯᠡᠳᠬᠦᠨ ᠨᠢ ᠦᠨᠡᠬᠡᠷ ᠦᠢᠯᠡᠳᠦᠯ ᠲᠠᠢ ᠭᠡᠵᠦ ᠤᠤ︖
《ᠲᠧᠯᠠᠲ᠋ᠤᠨᠢᠨ ᠬᠤᠷᠮᠣᠨ ᠢᠶᠠᠷ ᠵᠢᠱᠢᠶᠡᠯᠡᠪᠡᠯ᠂ ᠲᠡᠷᠡ ᠨᠢ ᠤᠨᠲᠠᠬᠤ ᠦᠶᠡᠯᠡᠯ ᠤᠨ ᠬᠤᠭᠤᠴᠠᠭ᠎ᠠ ᠶᠢ ᠦᠨᠡᠬᠡᠷ ᠲᠣᠬᠢᠷᠠᠭᠤᠯᠵᠤ ᠴᠢᠳᠠᠨ᠎ᠠ᠂ ᠭᠡᠪᠡᠴᠦ ᠤᠷᠲᠤ ᠬᠤᠭᠤᠴᠠᠭ᠎ᠠ ᠪᠠᠷ ᠰᠥᠨᠢᠵᠢᠨ ᠰᠠᠭᠤᠭᠰᠠᠨ ᠠᠴᠠ ᠪᠣᠯᠵᠤ ᠲᠧᠯᠠᠲ᠋ᠤᠨᠢᠨ ᠬᠤᠷᠮᠣᠨ ᠤ ᠰᠢᠭᠦᠷᠡᠯᠲᠡ ᠰᠠᠮᠠᠭᠤᠷᠠᠭᠰᠠᠨ ᠬᠥᠮᠥᠰ ᠪᠤᠶᠤ ᠴᠠᠭ ᠤᠨ ᠵᠥᠷᠢᠶ᠎ᠡ ᠪᠠᠨ ᠠᠯᠳᠠᠭᠰᠠᠨ ᠬᠥᠮᠥᠰ ᠲᠤ ᠨᠡᠩ ᠲᠣᠬᠢᠷᠠᠮᠵᠢᠲᠠᠢ ᠪᠠᠶᠢᠵᠤ ᠮᠡᠳᠡᠨ᠎ᠡ》ᠭᠡᠵᠦ ᠯᠦ ᠯᠢᠨ ᠢᠯᠡᠷᠬᠡᠶᠢᠯᠡᠵᠡᠢ᠂ ᠲᠡᠷᠡ ᠪᠠᠰᠠ ᠤᠨᠲᠠᠭᠤᠯᠬᠤ ᠪᠦᠲᠦᠭᠡᠭᠳᠡᠬᠦᠨ ᠤ ᠦᠢᠯᠡᠳᠦᠯ ᠨᠢ ᠶᠡᠷᠦᠳᠡᠭᠡᠨ ᠬᠥᠮᠥᠨ ᠪᠣᠯᠭᠠᠨ ᠳᠤ ᠠᠳᠠᠯᠢ ᠪᠤᠰᠤ ᠪᠠᠶᠢᠳᠠᠭ᠂ ᠵᠢᠱᠢᠶᠡᠯᠡᠪᠡᠯ ᠳᠠᠷᠤᠯᠲᠠ᠂ ᠵᠣᠪᠠᠨᠢᠯ ᠠᠴᠠ ᠪᠣᠯᠵᠤ ᠨᠣᠶᠢᠷ ᠬᠤᠯᠵᠢᠬᠤ ᠳᠤ ᠭᠦᠷᠪᠡᠯ᠂ ᠲᠧᠯᠠᠲ᠋ᠤᠨᠢᠨ ᠬᠤᠷᠮᠣᠨ ᠤᠤᠭᠤᠭᠰᠠᠨ ᠴᠦ ᠦᠢᠯᠡᠳᠦᠯ ᠨᠢ ᠲᠡᠶᠢᠮᠦ ᠶᠡᠭᠡ ᠪᠢᠰᠢ ᠪᠠᠶᠢᠳᠠᠭ᠃ ᠡᠭᠦᠨ ᠤ ᠬᠠᠮᠲᠤ᠂ ᠵᠠᠬ᠎ᠠ ᠳᠡᠯᠭᠡᠭᠦᠷ ᠳᠡᠭᠡᠷᠡᠬᠢ ᠣᠯᠠᠩᠬᠢ ᠤᠨᠲᠠᠯᠭ᠎ᠠ ᠶᠢᠨ ᠬᠡᠮᠵᠢᠭᠦᠷᠯᠢᠭ ᠤᠨ ᠭᠤᠣᠯ ᠦᠢᠯᠡᠳᠦᠯ ᠤᠨ ᠤᠭ ᠶᠣᠰᠣ ᠨᠢ ᠪᠢᠴᠢᠯ ᠴᠠᠭᠢᠯᠭᠠᠨ ᠭᠦᠶᠦᠳᠡᠯ ᠤᠨ ᠰᠡᠳᠦᠯᠲᠡ ᠪᠠᠶᠢᠵᠤ᠂ ᠦᠷ᠎ᠡ ᠳ᠋ᠦᠩ ᠨᠢ ᠬᠠᠷᠠᠬᠠᠨ ᠲᠣᠳᠣᠷᠬᠠᠢ ᠦᠭᠡᠢ ᠪᠠᠶᠢᠭᠰᠠᠭᠠᠷ᠂ ᠵᠢᠷᠮᠦᠰᠦᠨ ᠡᠮᠡᠭᠲᠡᠢ ᠪᠠ ᠵᠢᠷᠦᠬᠡᠨ ᠯᠤᠭᠰᠢᠯᠲᠠ ᠶᠢᠨ ᠡᠭᠦᠰᠭᠡᠭᠦᠷ ᠬᠢᠭᠰᠡᠨ ᠵᠡᠷᠭᠡ ᠬᠥᠮᠥᠰ ᠲᠤ ᠴᠦ ᠬᠡᠷᠡᠭᠯᠡᠬᠦ ᠨᠢ ᠵᠣᠬᠢᠰ ᠦᠭᠡᠢ ᠭᠡᠵᠡᠢ᠃
ᠰᠡᠷᠢᠭᠰᠡᠨ ᠤ ᠪᠠᠨ ᠳᠠᠷᠠᠭ᠎ᠠ ᠥᠴᠥᠭᠡᠳᠦᠷ ᠰᠥᠨᠢ ᠶᠢᠨ ᠢᠶᠠᠨ ᠤᠨᠲᠠᠯᠭ᠎ᠠ ᠶᠢᠨ ᠲᠤᠭ᠎ᠠ ᠪᠠᠷᠢᠮᠲᠠ ᠶᠢ ᠬᠠᠷᠠᠬᠤ ᠨᠢ ᠨᠢᠭᠡᠨᠲᠡ ᠮᠠᠰᠢ ᠤᠯᠠᠨ ᠬᠥᠮᠥᠰ ᠤᠨ ᠳᠠᠳᠬᠠᠯ ᠪᠣᠯᠤᠭᠰᠠᠨ ᠪᠠᠶᠢᠨ᠎ᠠ᠃
ᠡᠮᠦᠰᠴᠦ ᠵᠡᠭᠦᠬᠦ ᠮᠠᠶ᠋ᠢᠭ ᠤᠨ ᠤᠨᠲᠠᠯᠭ᠎ᠠ ᠶᠢ ᠬᠢᠨᠠᠨ ᠬᠡᠮᠵᠢᠬᠦ ᠲᠥᠬᠦᠭᠡᠷᠦᠮᠵᠢ ᠨᠢ ᠤᠨᠲᠠᠯᠭ᠎ᠠ ᠶᠢᠨ ᠪᠠᠶᠢᠳᠠᠯ ᠢ ᠣᠶᠢᠯᠠᠭᠠᠬᠤ ᠳᠤ ᠬᠠᠪᠰᠤᠷᠤᠮᠵᠢ ᠪᠣᠯᠵᠤ᠂ ᠤᠨᠲᠠᠯᠭ᠎ᠠ ᠶᠢᠨ ᠲᠤᠬᠠᠢ ᠥᠪᠡᠷᠮᠢᠴᠡ ᠰᠠᠨᠠᠭᠤᠯᠭ᠎ᠠ ᠬᠠᠩᠭᠠᠵᠤ ᠪᠣᠯᠣᠨ᠎ᠠ᠂ ᠭᠡᠪᠡᠴᠦ ᠡᠮᠴᠢᠯᠡᠭᠡᠨ ᠳᠤ ᠬᠡᠷᠡᠭᠯᠡᠬᠦ ᠣᠯᠠᠨ ᠳᠠᠮᠵᠢᠭᠤᠯᠤᠭᠴᠢ ᠶᠢᠨ ᠤᠨᠲᠠᠯᠭ᠎ᠠ ᠶᠢ ᠬᠢᠨᠠᠨ ᠬᠡᠮᠵᠢᠬᠦ ᠲᠥᠬᠦᠭᠡᠷᠦᠮᠵᠢ ᠲᠠᠢ ᠠᠳᠠᠯᠢᠳᠬᠠᠪᠠᠯ᠂ ᠲᠡᠭᠦᠨ ᠤ ᠮᠡᠷᠭᠡᠵᠢᠯ ᠪᠠ ᠪᠤᠳᠤᠬᠤ ᠠᠷᠭ᠎ᠠ ᠨᠢ ᠣᠳᠣᠬᠠᠨ ᠳᠤ ᠬᠠᠷᠠᠬᠠᠨ ᠪᠦᠷᠢᠡᠰᠢᠭᠡ ᠦᠭᠡᠢ ᠤᠴᠢᠷ ᠠᠴᠠ ᠪᠦᠷᠢᠮᠦᠰᠦᠨ ᠢᠲᠡᠭᠡᠵᠦ ᠪᠤᠯᠬᠤ ᠦᠭᠡᠢ ᠭᠡᠵᠦ ᠯᠦ ᠯᠢᠨ ᠲᠠᠨᠢᠯᠴᠠᠭᠤᠯᠤᠯ᠎ᠠ᠃
ᠪᠡᠭᠡᠵᠢᠩ ᠶᠡᠭᠡ ᠰᠤᠷᠭᠠᠭᠤᠯᠢ ᠶᠢᠨ ᠤᠨᠲᠠᠯᠭ᠎ᠠ ᠶᠢᠨ ᠰᠤᠳᠤᠯᠭᠠᠨ ᠤ ᠲᠥᠪ ᠤᠨ ᠡᠷᠭᠢᠯᠡᠭᠴᠢ ᠬᠠᠨ ᠹᠠᠩ ᠤᠨᠲᠠᠭᠤᠯᠬᠤ ᠦᠢᠯᠡᠳᠬᠦᠨ ᠤ ᠭᠦᠢᠴᠡᠳᠬᠡᠯ ᠲᠤᠭ᠎ᠠ ᠪᠣᠯᠣᠨ ᠪᠣᠯᠵᠣᠯᠲᠤ ᠲᠤᠭ᠎ᠠ ᠳᠤ ᠬᠡᠲᠦᠷᠬᠡᠢ ᠲᠦᠰᠢᠭᠯᠡᠬᠦ ᠬᠡᠷᠡᠭ ᠦᠭᠡᠢ᠂ ᠥᠷᠯᠥᠭᠡ ᠪᠣᠰᠣᠭᠠᠳ ᠡᠷᠴᠢ ᠬᠦᠴᠦ ᠣᠷᠭᠢᠯᠤᠮ᠎ᠠ ᠪᠠᠶᠢᠪᠠᠯ ᠳᠠᠷᠤᠢ ᠰᠠᠶᠢᠨ ᠤᠨᠲᠠᠭᠰᠠᠨ ᠳᠤ ᠲᠣᠭᠠᠴᠠᠭᠳᠠᠨ᠎ᠠ ᠭᠡᠵᠦ ᠪᠠᠶᠢᠯ᠎ᠠ᠃
ᠠᠶᠢᠫᠤᠰ ᠯᠠᠪᠯᠠᠯᠲᠠ ᠶᠢᠨ ᠨᠡᠶᠢᠲᠡᠯᠡᠭᠰᠡᠨ 《ᠤᠨᠲᠠᠭᠤᠯᠬᠤ ᠦᠢᠯᠡᠳᠬᠦᠨ ᠤ ᠵᠠᠬ᠎ᠠ ᠳᠡᠯᠭᠡᠭᠦᠷ ᠤᠨ ᠬᠥᠭᠵᠢᠯᠲᠡ ᠵᠢᠴᠢ ᠬᠡᠷᠡᠭᠯᠡᠭᠡᠨ ᠤ ᠬᠠᠨᠳᠤᠰᠢ ᠶᠢᠨ ᠲᠤᠬᠠᠢ ᠠᠵᠢᠭᠯᠠᠯᠲᠠ ᠮᠡᠳᠡᠭᠦᠯᠦᠯᠲᠡ》 ᠳᠤ ᠵᠢᠭᠠᠵᠤ ᠭᠠᠷᠭᠠᠭᠰᠠᠨ ᠢᠶᠠᠷ᠂ ᠣᠳᠣᠬᠠᠨ ᠳᠤ ᠳᠤᠮᠳᠠᠳᠤ ᠤᠯᠤᠰ ᠤᠨ ᠤᠨᠲᠠᠯᠭ᠎ᠠ ᠶᠢᠨ ᠠᠵᠤ ᠠᠬᠤᠢ ᠶᠢᠨ ᠠᠵᠢᠯ ᠲᠥᠷᠥᠯ ᠤᠨ ᠬᠥᠭᠵᠢᠯᠲᠡ ᠨᠡᠯᠢᠶᠡᠳ ᠲᠠᠷᠠᠬᠠᠢ ᠪᠤᠲᠠᠷᠬᠠᠢ ᠪᠠᠶᠢᠵᠤ᠂ ᠭᠡᠷ ᠤᠨ ᠬᠡᠷᠡᠭᠰᠡᠯ᠂ ᠢᠳᠡᠭᠡᠨ ᠤ ᠵᠦᠢᠯ᠂ ᠰᠢᠨᠵᠢᠯᠡᠬᠦ ᠤᠬᠠᠭᠠᠨ ᠮᠡᠷᠭᠡᠵᠢᠯ᠂ ᠢᠨᠲ᠋ᠧᠷ ᠰᠦᠯᠵᠢᠶ᠎ᠡ ᠵᠡᠷᠭᠡ ᠡᠯ᠎ᠡ ᠲᠥᠷᠥᠯ ᠤᠨ ᠠᠵᠤ ᠠᠬᠤᠶᠢᠯᠠᠯ ᠳᠤ ᠴᠥᠮ ᠬᠤᠯᠪᠣᠭᠳᠠᠵᠤ ᠪᠠᠶᠢᠨ᠎ᠠ᠃ ᠬᠤᠳᠠᠯᠳᠤᠭᠠᠴᠢᠳ ᠪᠦᠲᠦᠭᠡᠭᠳᠡᠬᠦᠨ ᠤ ᠪᠠᠨ ᠶᠠᠰᠤ ᠴᠢᠨᠠᠷ ᠦᠢᠯᠡᠳᠦᠯ ᠢ ᠪᠠᠲᠤᠯᠠᠬᠤ ᠶᠢᠨ ᠬᠠᠮᠲᠤ ᠥᠰᠬᠡᠭᠡᠨ ᠳᠥᠰᠬᠡᠭᠡᠨ ᠲᠠᠢ ᠤᠬᠠᠭᠤᠯᠬᠤ ᠶᠢ ᠲᠡᠪᠴᠢᠵᠦ᠂ ᠪᠠᠷᠠᠭᠠᠨ ᠤ ᠦᠨ᠎ᠡ ᠶᠢ ᠬᠤᠳᠠᠯ ᠢᠶᠠᠷ ᠥᠰᠬᠡᠵᠦ᠂ ᠬᠡᠷᠡᠭᠯᠡᠭᠴᠢᠳ ᠲᠤ ᠢᠲᠡᠭᠡᠯ ᠤᠨ ᠬᠢᠮᠤᠷᠠᠯ ᠭᠠᠷᠬᠤ ᠠᠴᠠ ᠵᠠᠶᠢᠯᠠᠰᠬᠢᠬᠦ ᠬᠡᠷᠡᠭᠲᠡᠢ ᠭᠡᠪᠡ᠃
ᠵᠢᠱᠢᠭᠰᠡᠨ ᠢᠶᠠᠷ᠂ 2030 ᠣᠨ ᠪᠤᠯᠬᠤ ᠳᠤ ᠳᠤᠮᠳᠠᠳᠤ ᠤᠯᠤᠰ ᠤᠨ ᠤᠨᠲᠠᠯᠭ᠎ᠠ ᠶᠢᠨ ᠠᠵᠤ ᠠᠬᠤᠢ ᠶᠢᠨ ᠪᠦᠭᠦ᠋ᠢᠯᠡ ᠵᠠᠬ᠎ᠠ ᠳᠡᠯᠭᠡᠭᠦᠷ ᠤᠨ ᠬᠡᠪᠴᠢᠶ᠎ᠡ ᠲᠦᠮᠡᠨ ᠳ᠋ᠦᠩᠰᠢᠭᠤᠷ ᠲᠥᠭᠦᠷᠢᠭ ᠢ ᠳᠠᠪᠠᠭ᠋ᠤ ᠪᠣᠯᠣᠮᠵᠢ ᠲᠠᠢ᠃ ᠳᠤᠮᠳᠠᠳᠤ ᠤᠯᠤᠰ ᠤᠨ ᠤᠨᠲᠠᠯᠭ᠎ᠠ ᠶᠢᠨ ᠰᠤᠳᠤᠯᠭᠠᠨ ᠤ ᠨᠡᠶᠢᠭᠡᠮᠯᠢᠭ ᠤᠨ ᠬᠡᠷᠡᠭ ᠡᠷᠭᠢᠯᠡᠭᠴᠢᠳ ᠤᠨ ᠳᠠᠷᠤᠭ᠎ᠠ ᠬᠤᠸᠠᠩ ᡁᠢ ᠯᠢ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠪᠣᠯ ᠢᠷᠡᠭᠡᠳᠦᠢ ᠶᠢᠨ ᠤᠨᠲᠠᠯᠭ᠎ᠠ ᠶᠢᠨ ᠠᠵᠤ ᠦᠢᠯᠡᠰ ᠤᠨ ᠬᠥᠭᠵᠢᠯᠲᠡ ᠶᠢᠨ ᠴᠢᠬᠤᠯᠠ ᠴᠢᠭᠯᠡᠯ ᠪᠣᠯᠣᠨ᠎ᠠ ᠭᠡᠵᠦ ᠢᠯᠡᠷᠬᠡᠶᠢᠯᠡᠨ᠂ 《ᠰᠢᠨᠵᠢᠯᠡᠬᠦ ᠤᠬᠠᠭᠠᠨ ᠮᠡᠷᠭᠡᠵᠢᠯ ᠤᠨ ᠳᠠᠪᠰᠢᠯᠲᠠ ᠶᠢ ᠳᠠᠭᠠᠯᠳᠤᠨ ᠤᠨᠲᠠᠭᠤᠯᠬᠤ ᠦᠢᠯᠡᠳᠬᠦᠨ ᠡᠳᠦᠷ ᠠᠴᠠ ᠡᠳᠦᠷ ᠰᠢᠨᠡᠳᠦᠨ ᠬᠤᠪᠢᠷᠠᠵᠤ ᠪᠠᠶᠢᠨ᠎ᠠ᠂ ᠬᠡᠷᠬᠢᠨ AI ᠵᠡᠷᠭᠡ ᠰᠢᠨ᠎ᠡ ᠮᠡᠷᠭᠡᠵᠢᠯ ᠢ ᠠᠰᠢᠭᠯᠠᠨ ᠳᠠᠭᠤ᠂ ᠭᠡᠷᠡᠯ᠂ ᠴᠠᠭᠢᠯᠭᠠᠨ᠂ ᠰᠣᠷᠢᠨᠵᠢᠨ᠂ ᠳᠣᠷᠭᠢᠭᠤᠯᠤᠯᠲᠠ᠂ ᠳᠤᠯᠠᠭᠠᠨ ᠤ ᠬᠡᠮᠵᠢᠶ᠎ᠡ ᠶᠢ ᠲᠣᠬᠢᠷᠠᠭᠤᠯᠤᠨ ᠡᠵᠡᠮᠳᠡᠬᠦ ᠵᠡᠷᠭᠡ ᠵᠢᠷᠤᠮᠯᠠᠯ ᠢᠶᠠᠷ ᠳᠠᠮᠵᠢᠭᠤᠯᠤᠨ ᠤᠨᠲᠠᠯᠭ᠎ᠠ ᠶᠢ ᠰᠠᠶᠢᠵᠢᠷᠠᠭᠤᠯᠬᠤ ᠪᠤᠶ ᠭᠡᠳᠡᠭ ᠪᠣᠯ ᠢᠷᠡᠭᠡᠳᠦᠢ ᠶᠢᠨ ᠬᠦᠰᠡᠯ ᠪᠠᠷᠠᠯᠠᠯ ᠮᠥᠨ》ᠭᠡᠵᠡᠢ᠃
ᠤᠨᠲᠠᠯᠭ᠎ᠠ ᠳᠤ ᠵᠥᠪ ᠲᠠᠨᠢᠯᠲᠠ ᠲᠠᠢ ᠪᠠᠶᠢᠬᠤ ᠬᠡᠷᠡᠭᠲᠡᠢ ᠃ ᠰᠠᠶᠢᠨ ᠳᠠᠳᠬᠠᠯ ᠲᠠᠢ ᠪᠤᠯᠬᠤ ᠨᠢ ᠰᠠᠶᠢᠨ ᠵᠡᠭᠦᠳᠦ ᠶᠢᠨ ᠡᠬᠢᠯᠡᠯ ᠪᠠᠶᠢᠵᠤ ᠮᠡᠳᠡᠨ᠎ᠡ᠃ ᠡᠳᠦᠷ ᠲᠡᠭᠡᠨ ᠳᠠᠩᠴᠤ ᠶᠠᠭᠠᠷᠠᠤ ᠪᠣᠯᠬᠤᠷ ᠰᠥᠨᠢ ᠶᠢᠨ ᠴᠠᠭ ᠢᠶᠠᠨ ᠠᠰᠢᠭᠯᠠᠨ ᠭᠠᠷ ᠤᠲᠠᠰᠤ ᠤᠷᠤᠯᠳᠤᠬᠤ ᠨᠢ ᠮᠠᠰᠢ ᠤᠯᠠᠨ ᠵᠠᠯᠠᠭᠤᠴᠤᠳ ᠤᠨ ᠳᠠᠳᠬᠠᠯ ᠪᠣᠯᠵᠠᠢ᠃ ᠲᠤᠰᠬᠠᠢ ᠮᠡᠷᠭᠡᠵᠢᠯᠲᠡᠨ ᠤ ᠦᠵᠡᠬᠦ ᠪᠠᠷ᠂ ᠥᠪᠡᠷ ᠲᠡᠭᠡᠨ ᠰᠦᠯᠵᠢᠶᠡᠨ ᠰᠢᠨᠤᠯ ᠢᠶᠠᠨ ᠲᠠᠶᠠᠭᠳᠠᠬᠤ ᠠᠴᠠ ᠭᠠᠳᠠᠨ᠎ᠠ᠂ ᠬᠥᠳᠡᠯᠮᠦᠷᠢᠴᠢᠳ ᠤᠨ ᠡᠳᠦᠷ ᠳᠤᠳᠤᠮ ᠤᠨ ᠳᠠᠷᠤᠭᠠᠰᠤ ᠶᠢ ᠬᠥᠩᠭᠡᠷᠡᠭᠦᠯᠵᠦ᠂ ᠭᠦᠢᠴᠡᠳ ᠠᠮᠠᠷᠠᠬᠤ ᠴᠠᠭ ᠢ ᠪᠠᠲᠤᠯᠠᠬᠤ ᠨᠢ ᠤᠨᠲᠠᠬᠤ ᠠᠴᠠ ᠡᠮᠦᠨᠡᠬᠢ ᠵᠠᠭᠤᠴᠢ ᠬᠡᠷᠡᠭᠯᠡᠬᠦ ᠶᠢ ᠡᠬᠢ ᠡᠭᠦᠰᠦᠯ ᠠᠴᠠ ᠨᠢ ᠪᠠᠭᠠᠰᠬᠠᠵᠤ ᠴᠢᠳᠠᠨ᠎ᠠ᠃
《ᠳᠤᠮᠳᠠᠳᠤ ᠤᠯᠤᠰ ᠤᠨ ᠤᠨᠲᠠᠯᠭ᠎ᠠ ᠶᠢᠨ ᠲᠤᠬᠠᠢ ᠰᠤᠳᠤᠯᠭᠠᠨ ᠤ ᠮᠡᠳᠡᠭᠦᠯᠦᠯᠲᠡ 2024》 ᠳᠤ ᠵᠢᠭᠠᠵᠤ ᠭᠠᠷᠭᠠᠭᠰᠠᠨ ᠢᠶᠠᠷ᠂ ᠢᠨᠲ᠋ᠧᠷ ᠰᠦᠯᠵᠢᠶᠡᠨ ᠤ ᠲᠤᠭ᠎ᠠ ᠪᠠᠷᠢᠮᠲᠠ ᠶᠢᠨ ᠠᠵᠢᠯᠲᠠᠨ ᠤ ᠠᠵᠢᠯᠯᠠᠬᠤ ᠭᠠᠵᠠᠷ᠂ ᠴᠠᠭ᠂ ᠠᠷᠭ᠎ᠠ ᠮᠠᠶ᠋ᠢᠭ ᠨᠢ ᠬᠠᠷᠢᠴᠠᠩᠭᠤᠢ ᠪᠠᠷ ᠠᠮᠢᠳᠤᠯᠢᠭ ᠪᠠᠶᠢᠵᠤ᠂ ᠠᠵᠢᠯ ᠪᠠ ᠠᠮᠢᠳᠤᠷᠠᠯ ᠤᠨ ᠵᠠᠭᠠᠭ ᠬᠢᠵᠠᠭᠠᠷ ᠨᠢ ᠲᠣᠳᠣᠷᠬᠠᠢ ᠦᠭᠡᠢ᠂ ᠤᠨᠲᠠᠯᠭ᠎ᠠ ᠶᠢᠨ ᠪᠠᠶᠢᠳᠠᠯ ᠨᠢ ᠠᠵᠢᠯ ᠤᠨ ᠨᠥᠯᠥᠭᠡ ᠶᠢ ᠨᠠᠩ ᠢᠯᠡᠭᠦᠦ ᠭᠦᠷᠳᠡᠳᠡᠭ᠃ ᠪᠦᠭᠦ ᠤᠯᠤᠰ ᠤᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ᠂ ᠪᠦᠭᠦ ᠤᠯᠤᠰ ᠤᠨ ᠠᠵᠢᠯᠴᠢᠨ ᠤ ᠶᠡᠷᠦᠩᠬᠡᠢ ᠡᠪᠯᠡᠯ ᠤᠨ ᠠᠯᠪᠠᠨ ᠲᠢᠩᠬᠢᠮ ᠤᠨ ᠡᠷᠭᠢᠯᠡᠭᠴᠢ ᠯᠢᠦᠢ ᠭᠦᠸᠧ ᠴᠢᠤᠸᠠᠨ ᠰᠠᠨᠠᠭᠤᠯᠬᠤ ᠳᠠᠭᠠᠨ᠂ 《ᠰᠦᠯᠵᠢᠶᠡᠨ ᠠᠴᠠ ᠰᠠᠯᠵᠤ ᠠᠮᠠᠷᠠᠬᠤ ᠡᠷᠬᠡ》ᠭᠡᠬᠦ ᠤᠬᠠᠭᠳᠠᠬᠤᠨ ᠢ ᠣᠷᠣᠭᠤᠯᠤᠨ ᠠᠪᠴᠢᠷᠠᠵᠤ᠂ ᠬᠥᠳᠡᠯᠮᠦᠷᠢᠴᠢᠳ ᠠᠵᠢᠯᠯᠠᠬᠤ ᠴᠠᠭ ᠠᠴᠠ ᠭᠠᠳᠠᠨ᠎ᠠ ᠲᠣᠭᠠᠨ ᠤ ᠪᠠᠭᠠᠵᠢ ᠪᠠᠷ ᠳᠠᠮᠵᠢᠭᠤᠯᠤᠨ ᠬᠠᠷᠢᠯᠴᠠᠬᠤ ᠪᠠ ᠠᠵᠢᠯ ᠰᠢᠢᠳᠪᠦᠷᠢᠯᠡᠬᠦ ᠶᠢ ᠲᠡᠪᠴᠢᠵᠦ᠂ ᠭᠦᠢᠴᠡᠳ ᠠᠮᠠᠷᠠᠬᠤ ᠶᠢ ᠪᠠᠲᠤᠯᠠᠬᠤ ᠡᠷᠬᠡ ᠲᠠᠢ ᠭᠡᠵᠡᠢ᠃
ᠰᠠᠶᠢᠨ ᠤᠨᠲᠠᠶ᠎ᠠ ᠭᠡᠪᠡᠯ 《ᠵᠥᠪ ᠠᠵᠢᠯᠯᠠᠭ᠎ᠠ》 ᠲᠠᠢ ᠪᠠᠶᠢᠬᠤ ᠪᠠᠷ ᠪᠠᠷᠠᠬᠤ ᠦᠭᠡᠢ ᠪᠠᠰᠠ ᠤᠨᠲᠠᠯᠭ᠎ᠠ ᠶᠢᠨ ᠲᠤᠬᠠᠢ 《ᠵᠥᠪ ᠲᠠᠨᠢᠯᠲᠠ》 ᠲᠠᠢ ᠪᠠᠶᠢᠬᠤ ᠬᠡᠷᠡᠭᠲᠡᠢ᠃ ᠨᠣᠶᠢᠷ ᠬᠤᠯᠵᠢᠬᠤ ᠠᠴᠠ ᠠᠶᠤᠵᠤ ᠡᠮᠢᠶᠡᠬᠦ ᠨᠢ ᠵᠠᠷᠢᠮ ᠳᠠᠭᠠᠨ ᠨᠣᠶᠢᠷ ᠬᠤᠯᠵᠢᠬᠤ ᠠᠴᠠ ᠨᠠᠩ ᠠᠶᠤᠮᠰᠢᠭᠲᠠᠢ᠃
《ᠤᠨᠲᠠᠯᠭ᠎ᠠ ᠶᠢᠨ ᠡᠮᠴᠢ ᠪᠣᠯᠤᠭᠰᠠᠨ ᠤ ᠬᠤᠪᠢ ᠳᠤ ᠪᠢᠳᠡ ᠶᠡᠷᠦ ᠨᠢ ᠨᠣᠶᠢᠷ ᠬᠤᠯᠵᠢᠬᠤ ᠶᠢᠨ ᠬᠤᠣᠷ ᠬᠥᠨᠥᠭᠡᠯ ᠢ ᠳᠡᠮᠡᠢ ᠴᠢᠬᠤᠯᠠᠴᠢᠯᠠᠬᠤ ᠦᠭᠡᠢ ᠪᠤᠶᠤ ᠶᠡᠬᠡᠰᠬᠡᠳᠡᠭ ᠦᠭᠡᠢ᠂ ᠡᠰᠡ ᠲᠡᠭᠡᠪᠡᠯ ᠡᠪᠡᠳᠴᠢᠲᠡᠨ ᠢ ᠠᠳᠡᠭᠦᠷᠡᠯ ᠵᠦᠭ ᠬᠥᠲᠥᠯᠵᠦ᠂ ᠲᠡᠳᠡᠨ ᠢᠶᠠᠷ ᠨᠣᠶᠢᠷ ᠬᠤᠯᠵᠢᠬᠤ ᠶᠠᠪᠤᠳᠠᠯ ᠢ ᠲᠠᠰᠤᠷᠠᠯᠲᠠ ᠦᠭᠡᠢ ᠠᠩᠬᠠᠷᠤᠭᠤᠯᠳᠠᠭ ᠮᠥᠷᠲᠡᠭᠡᠨ ᠨᠣᠶᠢᠷ ᠬᠤᠯᠵᠢᠬᠤ ᠬᠡᠮᠵᠢᠶ᠎ᠡ ᠶᠢ ᠨᠢ ᠬᠦᠨᠳᠦᠷᠡᠭᠦᠯᠳᠡᠭ》ᠭᠡᠵᠦ ᠱᠧᠨᠵᠧᠨ ᠬᠤᠲᠠ ᠶᠢᠨ ᠬᠤᠶᠠᠳᠤᠭᠠᠷ ᠠᠷᠠᠳ ᠤᠨ ᠡᠮᠨᠡᠯᠭᠡ ᠶᠢᠨ ᠬᠤᠷᠢᠶᠠᠨ ᠤ ᠮᠡᠳᠡᠷᠡᠯ ᠤᠨ ᠳᠣᠲᠣᠷ ᠰᠠᠯᠠᠭᠠᠨ ᠤ ᠡᠷᠭᠢᠯᠡᠭᠴᠢ ᠡᠮᠴᠢ ᠸᠠᠩ ᠶᠠᠩ ᠲᠠᠨᠢᠯᠴᠠᠭᠤᠯᠪᠠ᠃ ᠲᠡᠷᠡ ᠪᠠᠰᠠ ᠤᠨᠲᠠᠯᠭ᠎ᠠ ᠶᠢᠨ ᠲᠤᠬᠠᠢ ᠵᠥᠪ ᠪᠤᠰᠤ ᠲᠠᠨᠢᠯᠲᠠ ᠨᠢ ᠲᠦᠷᠭᠡᠨ ᠴᠢᠨᠠᠷᠲᠠᠢ ᠨᠣᠶᠢᠷ ᠬᠤᠯᠵᠢᠬᠤ ᠶᠢ ᠣᠷᠳᠣ ᠬᠤᠭᠤᠴᠠᠭ᠎ᠠ ᠪᠠᠷ ᠨᠣᠶᠢᠷ ᠬᠤᠯᠵᠢᠬᠤ ᠪᠤᠯᠭᠠᠵᠤ ᠮᠡᠳᠡᠨ᠎ᠡ᠃ ᠡᠶᠢᠮᠦ ᠠᠴᠠ ᠨᠣᠶᠢᠷ ᠬᠤᠯᠵᠢᠭᠰᠠᠨ ᠰᠢᠯᠲᠠᠭᠠᠨ ᠤ ᠲᠤᠬᠠᠢ ᠪᠣᠳᠣᠯᠭᠠᠰᠢᠷᠠᠯ ᠠᠴᠠ ᠠᠩᠭᠢᠵᠢᠷᠠᠵᠤ᠂ ᠭᠡᠲᠦᠷᠡᠮᠡᠳᠡᠭᠡᠢ ᠠᠶᠤᠵᠤ ᠵᠣᠪᠠᠭ᠋ᠤ ᠪᠠᠶᠢᠳᠠᠯ ᠡᠭᠦᠰᠬᠦ ᠠᠴᠠ ᠵᠠᠶᠢᠯᠠᠰᠬᠢᠬᠦ ᠬᠡᠷᠡᠭᠲᠡᠢ᠃
《ᠥᠩᠭᠡᠷᠡᠭᠰᠡᠨ ᠳᠤ ᠮᠠᠰᠢ ᠣᠯᠠᠨ ᠬᠥᠮᠥᠰ ᠤᠨᠲᠠᠬᠤ ᠠᠰᠠᠭᠤᠳᠠᠯ ᠠᠴᠠ ᠵᠠᠶᠢᠯᠠᠳᠠᠭ᠂ ᠪᠠᠶᠠᠷᠯᠠᠭᠤᠰᠢᠲᠠᠢ ᠨᠢ ᠰᠤᠷᠭᠠᠭᠤᠯᠢ᠂ ᠨᠡᠶᠢᠭᠡᠮ ᠲᠣᠭᠤᠷᠢᠭ ᠤᠨ ᠰᠡᠳᠬᠢᠴᠡ ᠶᠢᠨ ᠯᠠᠪᠯᠠᠯᠲᠠ ᠶᠢᠨ ᠲᠠᠰᠤᠭ ᠤᠨ ᠲᠦᠭᠡᠮᠡᠯᠵᠢᠬᠦ ᠵᠢᠴᠢ ᠡᠮᠨᠡᠯᠭᠡ ᠶᠢᠨ ᠬᠤᠷᠢᠶᠠᠨ ᠤ ᠤᠨᠲᠠᠯᠭ᠎ᠠ ᠶᠢᠨ ᠡᠭᠦᠳᠡᠨ ᠡᠮᠨᠡᠯᠭᠡ ᠶᠢᠨ ᠪᠤᠢ ᠪᠤᠯᠬᠤ ᠶᠢ ᠳᠠᠭᠠᠯᠳᠤᠨ᠂ ᠤᠨᠲᠠᠯᠭ᠎ᠠ ᠶᠢᠨ ᠴᠢᠬᠤᠯᠠ ᠴᠢᠨᠠᠷ ᠢ ᠬᠥᠮᠥᠰ ᠤᠯᠠᠮ ᠠᠴᠠ ᠤᠯᠠᠮ ᠲᠠᠨᠢᠵᠤ ᠡᠬᠢᠯᠡᠵᠡᠢ》ᠭᠡᠵᠦ ᠯᠦ ᠯᠢᠨ ᠶᠠᠷᠢᠯ᠎ᠠ᠃ ᠬᠦᠨᠳᠦ ᠨᠣᠴᠢᠲᠠᠢ ᠤᠨᠲᠠᠯᠭ᠎ᠠ ᠶᠢᠨ ᠠᠰᠠᠭᠤᠳᠠᠯ ᠭᠠᠷᠤᠭᠰᠠᠨ ᠡᠪᠡᠳᠴᠢᠲᠡᠨ ᠴᠠᠭ ᠲᠤᠬᠠᠢ ᠳᠤᠨᠢ ᠡᠮᠨᠡᠭᠦᠯᠭᠦ ᠶᠢᠨ ᠬᠠᠮᠲᠤ ᠡᠳᠦᠷ ᠲᠤᠲᠤᠮ ᠤᠨ ᠠᠮᠢᠳᠤᠷᠠᠯ ᠳᠤᠮᠳᠠ ᠪᠠᠨ ᠰᠠᠶᠢᠨ ᠰᠠᠶᠢᠬᠠᠨ ᠠᠮᠢᠳᠤᠷᠠᠯ ᠤᠨ ᠪᠠ ᠤᠨᠲᠠᠯᠭ᠎ᠠ ᠶᠢᠨ ᠳᠠᠳᠬᠠᠯ ᠢ ᠪᠤᠶ ᠪᠤᠯᠭᠠᠬᠤ ᠬᠡᠷᠡᠭᠲᠡᠢ᠂ ᠡᠭᠦᠨ ᠳᠤ ᠤᠨᠲᠠᠬᠤ ᠠᠴᠠ ᠪᠠᠨ ᠡᠮᠦᠨ᠎ᠡ ᠰᠠᠨᠠᠭ᠎ᠠ ᠰᠡᠳᠬᠢᠯ ᠢᠶᠠᠨ ᠲᠠᠶᠢᠪᠤᠰᠢᠷᠠᠭᠤᠯᠬᠤ᠂ ᠰᠢᠨᠵᠢᠯᠡᠬᠦ ᠤᠬᠠᠭᠠᠨᠴᠢ ᠵᠦᠢ ᠵᠣᠬᠢᠰᠲᠠᠢ ᠬᠤᠭᠤᠯᠠᠯᠠᠬᠤ᠂ ᠲᠣᠬᠢᠷᠠᠮᠵᠢᠲᠠᠢ ᠬᠥᠳᠡᠯᠭᠡᠭᠡᠨ ᠬᠢᠵᠦ ᠪᠣᠯᠪᠠᠰᠤᠷᠠᠬᠤ ᠵᠡᠷᠭᠡ ᠪᠠᠭᠲᠠᠨ᠎ᠠ᠃