ᠵᠤᠬᠢᠶᠠᠭᠴᠢ:
ᠴᠠᠭ:2025-03-14
ᠥᠵᠡᠭᠰᠡᠨ : ℃
ᠢᠷᠡᠯᠲᠡ: ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
ᠸᠢᠲ᠋ᠠᠮᠢᠨ C ᠶᠢ ᠬᠦᠬᠦᠷᠯᠢᠭ ᠠᠮᠢᠨ ᠤ ᠲᠦᠷᠦᠯ ᠤᠨ ᠡᠮ ᠲᠠᠢ ᠵᠡᠷᠭᠡ ᠪᠠᠷ ᠤᠤᠭᠤᠵᠤ ᠪᠤᠯᠬᠤ ᠦᠭᠡᠢ
ᠬᠦᠬᠦᠷᠯᠢᠭ ᠠᠮᠢᠨ ᠤ ᠲᠦᠷᠦᠯ ᠤᠨ ᠡᠮ ᠪᠤᠯ ᠪᠠᠶᠢᠩᠭᠤ ᠬᠡᠷᠡᠭᠯᠡᠭᠳᠡᠬᠦ ᠪᠠᠺᠲ᠋ᠧᠷᠢ ᠳᠠᠷᠤᠬᠤ ᠡᠮ ᠪᠤᠯᠤᠨ᠎ᠠ᠃ ᠭᠡᠪᠡᠴᠤ ᠲᠤᠰ ᠡᠮ ᠢ ᠸᠢᠲ᠋ᠠᠮᠢᠨ C ᠲᠠᠢ ᠵᠡᠷᠭᠡ ᠪᠠᠷ ᠤᠤᠭᠤᠵᠤ ᠪᠤᠯᠬᠤ ᠦᠭᠡᠢ ᠶᠢ ᠡᠨᠳᠡ ᠰᠠᠨᠠᠭᠤᠯᠵᠤ ᠪᠠᠶᠢᠨ᠎ᠠ᠃
ᠦᠪᠡᠷᠳᠡᠭᠡᠨ ᠵᠠᠰᠠᠬᠤ ᠤᠷᠤᠨ ᠤ ᠡᠮ ᠤᠨ ᠵᠦᠢᠯᠡᠰ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ᠶᠢᠨ ᠲᠤᠰᠬᠠᠢ ᠮᠡᠷᠭᠡᠵᠢᠯᠳᠡᠨ ᠵᠢᠴᠢ ᠡᠮᠴᠢ ᠨᠠᠷ ᠠᠴᠠ ᠤᠶᠢᠯᠠᠭᠠᠭᠰᠠᠨ ᠢᠶᠠᠷ᠂ ᠸᠢᠲ᠋ᠠᠮᠢᠨ C ᠪᠤᠯ ᠬᠦᠴᠢᠯᠯᠢᠭ ᠴᠢᠨᠠᠷᠳᠠᠢ ᠡᠮ ᠪᠠᠶᠢᠵᠤ᠂ ᠰᠢᠭᠡᠰᠦ ᠶᠢ ᠬᠦᠴᠢᠯᠰᠢᠭᠦᠯᠬᠦ ᠦᠢᠯᠡᠳᠦᠯ ᠲᠠᠢ᠃ ᠸᠢᠲ᠋ᠠᠮᠢᠨ C ᠶᠢ ᠬᠦᠬᠦᠷᠯᠢᠭ ᠠᠮᠢᠨ ᠤ ᠲᠦᠷᠦᠯ ᠤᠨ ᠡᠮ ᠲᠠᠢ ᠵᠡᠷᠭᠡ ᠪᠠᠷ ᠤᠤᠭᠤᠪᠠᠯ᠂ ᠬᠦᠬᠦᠷᠯᠢᠭ ᠠᠮᠢᠨ ᠤ ᠲᠦᠷᠦᠯ ᠤᠨ ᠡᠮ ᠤᠨ ᠰᠢᠭᠡᠰᠦᠨ ᠳᠤ ᠠᠭᠤᠰᠤᠨ ᠵᠠᠳᠠᠷᠠᠬᠤ ᠨᠤᠷᠮ᠎ᠠ ᠶᠢ ᠶᠡᠭᠡ ᠪᠠᠷ ᠪᠠᠭᠤᠷᠠᠭᠤᠯᠵᠤ᠂ ᠲᠤᠳᠤᠷ ᠪᠦᠭᠡᠷ᠎ᠠ ᠳᠤ ᠳᠠᠯᠠᠰᠳᠦ ᠪᠡᠶ᠎ᠠ ᠬᠤᠷᠠᠭᠤᠯᠵᠤ᠂ ᠲᠡᠭᠦᠨᠴᠢᠯᠡᠨ ᠲᠤᠳᠤᠷ ᠪᠦᠭᠡᠷ᠎ᠠ ᠶᠢ ᠭᠡᠮᠳᠦᠭᠡᠨ᠂ ᠨᠢᠷᠤᠭᠤ ᠡᠪᠡᠳᠬᠦ᠂ ᠴᠢᠰᠦ ᠪᠠᠷ ᠰᠢᠭᠡᠬᠦ᠂ ᠰᠢᠭᠡᠰᠦ ᠪᠠᠭᠠᠰᠬᠤ ᠴᠢᠨᠠᠭᠰᠢᠯᠠᠪᠠᠯ ᠰᠢᠭᠡᠰᠦ ᠦᠭᠡᠢ ᠪᠤᠯᠬᠤ ᠪᠠᠶᠢᠳᠠᠯ ᠡᠭᠦᠰᠦᠨ᠎ᠠ᠃ ᠬᠡᠷᠪᠡ ᠸᠢᠲ᠋ᠠᠮᠢᠨ C ᠨᠦᠬᠦᠬᠦ ᠴᠢᠬᠤᠯᠠ ᠲᠠᠢ ᠪᠤᠯ ᠬᠦᠬᠦᠷᠯᠢᠭ ᠠᠮᠢᠨ ᠤ ᠲᠦᠷᠦᠯ ᠤᠨ ᠡᠮ ᠲᠠᠢ ᠨᠠᠭᠠᠳᠤ ᠵᠠᠬ᠎ᠠ ᠳᠠᠭᠠᠨ ᠬᠤᠶᠠᠷ ᠴᠠᠭ ᠠᠯᠤᠰᠯᠠᠵᠤ ᠤᠤᠭᠤᠪᠠᠯ ᠵᠤᠬᠢᠨ᠎ᠠ᠃