ᠵᠤᠬᠢᠶᠠᠭᠴᠢ:
ᠴᠠᠭ:2025-03-28
ᠥᠵᠡᠭᠰᠡᠨ : ℃
ᠢᠷᠡᠯᠲᠡ: ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
ᠰᠢᠷ᠎ᠠ ᠳᠤᠰᠤᠨ ᠤ ᠭᠠᠶᠢᠬᠠᠮᠰᠢᠬ
ᠰᠢᠷ᠎ᠠ ᠳᠤᠰᠤ ᠪᠤᠯ ᠬᠠᠯᠠᠭᠤᠨ ᠪᠦᠯᠢᠶᠠᠨ ᠴᠢᠨᠠᠷᠳᠡᠢ᠂ ᠬᠡᠢ ᠶᠢ ᠲᠠᠷᠤᠵᠤ ᠲᠠᠮᠢᠷ ᠢ ᠰᠠᠶᠢᠵᠢᠷᠠᠭᠤᠯᠤᠨ᠂ ᠦᠩᠬᠡ ᠶᠢ ᠲᠡᠵᠢᠬᠡᠬᠦ᠂ ᠬᠦᠮᠤᠨ ᠤ ᠪᠠᠶ᠎ᠠ ᠶᠢᠨ ᠡᠷᠡᠬᠦᠯ ᠮᠠᠨᠳᠤ ᠳᠤ ᠤᠯᠠᠨ ᠬᠡᠷᠡᠭᠴᠡᠭᠡ ᠲᠠᠢ ᠡᠮᠳᠤ ᠴᠢᠨᠠᠷᠳᠡᠢ ᠢᠳᠡᠬᠡᠨ ᠪᠤᠯᠤᠨ᠎ᠠ᠃
《ᠠᠯᠳᠠᠨ ᠬᠠᠳᠠᠮᠠᠯ》 ᠳᠤ ᠰᠢᠮ᠎ᠠ ᠶᠢᠨ ᠳᠤᠩᠭᠠᠯᠠᠭ ᠰᠢᠷ᠎ᠠ ᠳᠤᠰᠤ ᠰᠢᠮ᠎ᠠ ᠶᠢ ᠲᠦᠯᠵᠢᠬᠦᠯᠤᠨᠠ ᠬᠡᠵᠤ ᠪᠢᠴᠢᠵᠤ ᠪᠠᠶᠢᠳᠠᠭ᠃
ᠰᠢᠷ᠎ᠠ ᠳᠤᠰᠤ ᠦᠯᠤ ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ᠃ ᠡᠬᠦᠨ ᠠᠴᠠ ᠭᠠᠳᠠᠨ᠎ᠠ᠂ ᠰᠦᠰᠤᠨ ᠤ ᠭᠤᠨᠠᠨ ᠠᠯᠺᠤᠤᠯ ᠢ ᠪᠠᠭᠤᠷᠠᠭᠤᠯᠬᠤ᠂ ᠨᠢᠳᠤᠨ ᠤ ᠬᠠᠷᠠᠭ᠎ᠠ ᠶᠢ ᠰᠠᠶᠢᠵᠢᠷᠠᠭᠤᠯᠬᠤ᠂ ᠰᠢᠩᠬᠡᠬᠡᠯᠳᠡ ᠶᠢ ᠰᠠᠶᠢᠵᠢᠷᠠᠭᠤᠯᠬᠤ ᠪᠠ ᠬᠤᠭᠤᠯᠨ ᠪᠤᠯᠪᠠᠰᠤᠷᠠᠭᠤᠯᠤᠯᠳᠠ ᠳᠤ ᠳᠤᠰᠠᠳᠠᠢ᠃ ᠪᠠᠶ᠎ᠠ ᠶᠢ ᠲᠠᠮᠢᠷᠵᠢᠭᠤᠯᠬᠤ ᠪᠠ ᠰᠢᠮᠡᠵᠢᠬᠦᠯᠵᠤ᠂ ᠬᠡᠢ ᠮᠠᠬᠠᠪᠤᠳ ᠢ ᠲᠡᠭᠰᠢᠷᠡᠬᠦᠯᠬᠦ ᠪᠠ ᠲᠠᠪᠤᠨ ᠴᠤᠯᠤ ᠵᠢᠷᠭᠤᠭᠠᠨ ᠰᠠᠪᠠ ᠶᠢᠨ ᠬᠡᠢ ᠡᠪᠡᠳᠴᠢᠨ ᠢ ᠠᠷᠢᠯᠭᠠᠵᠤ᠂ ᠲᠡᠷᠢᠬᠢ ᠶᠢ ᠰᠠᠶᠢᠵᠢᠷᠠᠭᠤᠯᠳᠠᠭ᠃
ᠰᠢᠷ᠎ᠠ ᠲᠤᠰᠤ ᠶᠢ ᠢᠯᠪᠢᠬᠦ ᠵᠠᠰᠠᠯ ᠳᠤ ᠬᠡᠷᠡᠭᠯᠡᠵᠤ᠂ ᠡᠮᠡᠭᠳᠡᠢ ᠶᠢᠨ ᠰᠠᠪᠠᠨ ᠤ ᠬᠡᠢ᠂ ᠪᠦᠬᠡᠷ᠎ᠠ ᠨᠢᠷᠤᠭᠤᠨ ᠤ ᠬᠡᠢ᠂ ᠦᠶ᠎ᠠ ᠬᠡᠰᠢᠬᠦᠤ ᠶᠢᠨ ᠬᠡᠢ ᠪᠤᠶᠤ ᠭᠤᠤᠯ ᠤᠨ ᠬᠡᠢ᠂ ᠳᠤᠯᠤᠭᠠᠢ ᠶᠢᠨ ᠬᠡᠢ᠂ ᠤᠯᠤᠭᠠᠢ ᠶᠢᠨ ᠬᠡᠢ ᠶᠢ ᠵᠠᠰᠠᠵᠤ᠂ ᠤᠳᠠᠭᠰᠠᠠ ᠰᠢᠷ᠎ᠠ ᠳᠤᠰᠤ ᠪᠠᠷ ᠦᠬᠡᠷ ᠢᠯᠢᠳᠤ ᠵᠡᠷᠬᠡ ᠠᠷᠠᠰᠤ ᠮᠢᠬᠠᠨ ᠤ ᠡᠯᠳᠡᠪ ᠤᠨ ᠡᠪᠡᠳᠴᠢᠨ᠂ ᠶᠠᠷ᠎ᠠ ᠰᠢᠷᠬ᠎ᠠ ᠶᠢ ᠡᠮᠨᠡᠡ ᠵᠠᠰᠠᠳᠠᠭ᠃
ᠰᠢᠷ᠎ᠠ ᠳᠤᠰᠤ ᠶᠢ ᠴᠠᠢ ᠲᠠᠢ ᠴᠢᠨᠠᠭᠠᠳ ᠬᠠᠯᠠᠭᠤᠨ ᠢᠶᠠᠷ ᠤᠤᠭᠤᠵᠤ ᠬᠦᠯᠤᠰᠤ ᠭᠠᠷᠭᠠᠪᠠᠯ ᠰᠡᠯᠬᠢ ᠠᠪᠴᠤ ᠪᠠᠶ᠎ᠠ ᠬᠡᠮᠳᠦᠭᠰᠡᠡ ᠪᠤᠶᠤ ᠰᠢᠩᠬᠡᠬᠡᠯᠳᠠ ᠮᠠᠭᠤᠳᠠᠭᠰᠠᠠ ᠢ ᠵᠠᠰᠠᠵᠤ ᠴᠢᠳᠠᠳᠠᠭ᠃ ᠴᠠᠢ ᠬᠤᠭᠤᠯᠠᠨ ᠳᠤ ᠵᠠᠩᠬᠢᠷᠠᠭᠰᠠᠳ ᠲᠤ ᠰᠢᠷ᠎ᠠ ᠳᠤᠰᠤ ᠪᠠᠭ᠎ᠠ ᠤᠤᠭᠤᠯᠭᠠᠪᠠᠯ ᠵᠠᠩᠬᠢᠷᠠᠭ᠎ᠠ ᠲᠠᠶᠢᠯᠤᠭᠳᠠᠨ᠎ᠠ᠃
ᠨᠢᠯᠬ᠎ᠠ ᠬᠡᠤᠬᠡᠳ ᠤᠨ ᠵᠤᠯᠠᠢ ᠲᠡᠬᠡᠷ᠎ᠠ ᠦᠷᠬᠦᠯᠵᠢ ᠰᠢᠷ᠎ᠠ ᠳᠤᠰᠤ ᠲᠦᠷᠬᠢᠪᠡᠯ ᠬᠠᠬ ᠨᠢ ᠤᠨᠠᠬᠤ ᠳᠤ ᠰᠠᠶᠢᠨ ᠪᠦᠬᠡᠳ ᠬᠠᠮᠠᠷ ᠱᠤᠤᠬᠢᠨ ᠪᠦᠭᠯᠡᠷᠡᠬᠦ ᠶᠢ ᠵᠠᠰᠠᠳᠠᠭ᠃ ᠬᠡᠳᠡᠰᠤ ᠡᠪᠡᠳᠬᠦ᠂ ᠬᠡᠳᠡᠰᠤ ᠲᠦᠬᠦᠷᠬᠦ᠂ ᠬᠤᠷᠭᠤᠰᠤᠯᠠᠬᠤ ᠳᠤ ᠰᠢᠷ᠎ᠠ ᠳᠤᠰᠤ ᠶᠢ ᠬᠠᠷ᠎ᠠ ᠠᠷᠢᠬᠢ ᠲᠠᠢ ᠡᠰᠡᠬᠦᠯ᠎ᠠ ᠬᠠᠷ᠎ᠠ ᠰᠢᠬᠢᠷ ᠲᠠᠢ ᠪᠤᠴᠠᠯᠭᠠᠵᠤ ᠤᠤᠭᠤᠪᠠᠯ ᠳᠤᠰᠠ ᠪᠤᠯᠳᠠᠭ᠃
ᠬᠠᠮᠠᠷ ᠶᠠᠮᠠᠰᠢᠬᠰᠠᠠ ᠳᠤ ᠰᠢᠷ᠎ᠠ ᠳᠤᠰᠤ ᠲᠦᠷᠬᠢᠪᠡᠯ ᠰᠡᠶᠢᠨ᠃ ᠰᠡᠯᠬᠢᠨ ᠳᠤ ᠤᠷᠤᠭᠤᠯ ᠦᠷᠤᠮᠳᠡᠨ ᠬᠠᠭᠠᠷᠠᠬᠰᠠᠨ ᠳᠤ ᠰᠢᠷ᠎ᠠ ᠳᠤᠰᠤ ᠲᠦᠷᠬᠢᠪᠡᠯ ᠢᠯᠡᠷᠢ ᠪᠤᠯᠳᠠᠭ᠃ ᠭᠠᠷ ᠬᠠᠭᠠᠷᠠᠬᠰᠠᠨ ᠳᠤ ᠰᠢᠷ᠎ᠠ ᠳᠤᠰᠤ ᠲᠦᠷᠬᠢᠬᠦ ᠪᠤᠶᠤ ᠬᠠᠯᠠᠭᠠᠵᠤ ᠳᠤᠰᠤᠭᠠᠪᠠᠯ ᠰᠠᠶᠢᠨ ᠪᠤᠯᠳᠠᠭ᠃ ᠰᠢᠷ᠎ᠠ ᠳᠤᠰᠤ ᠶᠢ ᠴᠠᠰᠤᠨ ᠰᠢᠬᠢᠷ ᠲᠠᠢ ᠪᠤᠴᠠᠯᠭᠠᠵᠤ ᠤᠤᠭᠤᠪᠠᠯ ᠬᠠᠨᠢᠶᠠᠳᠤ ᠶᠢ ᠵᠠᠰᠠᠳᠠᠭ᠂ ᠰᠢᠷ᠎ᠠ ᠳᠤᠰᠤ ᠶᠢ ᠬᠠᠯᠠᠭᠠᠭᠰᠠᠠ ᠰᠢᠷᠬᠠᠨ ᠳᠤ ᠲᠦᠷᠬᠢᠪᠡᠯ ᠰᠤᠷᠪᠢ ᠦᠯᠡᠳᠡᠬᠦ ᠦᠬᠡᠢ᠃
ᠬᠠᠮᠠᠷ ᠬᠠᠳᠠᠬᠤ ᠳᠤ ᠰᠢᠷ᠎ᠠ ᠳᠤᠰᠤ ᠶᠢ ᠬᠠᠮᠠᠷ ᠲᠠᠭᠠᠨ ᠦᠨᠦᠷᠳᠤᠬᠦᠯᠪᠠᠯ ᠰᠠᠶᠢᠨ ᠪᠤᠯᠳᠠᠭ᠃ ᠴᠢᠬᠢᠨ ᠬᠤᠯᠬᠢ ᠬᠠᠳᠠᠬᠤ ᠪᠤᠶᠤ ᠴᠢᠬᠢ ᠡᠪᠡᠳᠪᠠᠯ ᠰᠢᠷ᠎ᠠ ᠳᠤᠰᠤ ᠬᠢᠬᠦ ᠪᠤᠶᠤ ᠰᠢᠷ᠎ᠠ ᠳᠤᠰᠤ ᠲᠠᠢ ᠬᠦᠪᠤᠩ ᠢᠶᠠᠷ ᠴᠢᠬᠢ ᠪᠠᠨ ᠪᠦᠭᠯᠡᠪᠡᠯ ᠳᠤᠰᠠ ᠪᠤᠯᠳᠠᠭ᠃ ᠡᠬᠦᠨ ᠠᠴᠠ ᠭᠠᠳᠠᠨ᠎ᠠ ᠭᠠᠳᠠᠷ ᠢᠯᠢᠵᠤ ᠨᠤᠬᠤᠯᠠᠬᠤ ᠳᠤ ᠬᠡᠷᠡᠭᠯᠡᠵᠤ᠂ ᠪᠠᠶ᠎ᠠ ᠲᠡᠬᠡᠷ᠎ᠠ ᠪᠠᠨ ᠲᠦᠷᠬᠢᠪᠡᠯ ᠭᠠᠶᠢᠬᠠᠮᠰᠢᠬᠳᠤ ᠤᠶᠢᠯᠠᠳᠤᠯ ᠲᠠᠢ ᠪᠠᠶᠢᠳᠠᠭ ᠶᠤᠮ᠃