ᠵᠤᠬᠢᠶᠠᠭᠴᠢ:
ᠴᠠᠭ:2025-05-30
ᠥᠵᠡᠭᠰᠡᠨ : ℃
ᠢᠷᠡᠯᠲᠡ: ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
ᠬᠦᠵᠦᠭᠦᠨ ᠦᠶ᠎ᠠ ᠶᠢᠨ ᠡᠪᠡᠷᠰᠢᠶᠡᠯ ᠢ ᠵᠠᠰᠠᠬᠤ 3 ᠵᠦᠢᠯ ᠤᠨ ᠪᠤᠷᠤᠭᠤ ᠠᠷᠭ᠎ᠠ
ᠬᠦᠵᠦᠭᠦᠨ ᠦᠶ᠎ᠠ ᠡᠪᠡᠷᠰᠢᠶᠡᠨ ᠡᠪᠡᠳᠬᠦ ᠨᠢ ᠤᠳᠤ ᠶᠢᠨ ᠬᠦᠮᠦᠰ ᠲᠤ ᠪᠠᠶᠢᠩᠭᠤ ᠳᠤᠬᠢᠶᠠᠯᠳᠤᠬᠤ ᠪᠠᠶᠢᠳᠠᠯ ᠪᠤᠯᠵᠠᠢ᠃ ᠬᠦᠵᠦᠭᠦᠨ ᠦᠶ᠎ᠠ ᠡᠪᠡᠷᠰᠢᠶᠡᠨ ᠡᠪᠡᠳᠬᠦ ᠨᠢ ᠪᠤᠯᠴᠢᠩ ᠤᠨ ᠭᠡᠮᠳᠦᠯ᠂ ᠭᠠᠳᠠᠷ ᠰᠢᠷᠬ᠎ᠠ᠂ ᠰᠦᠷᠢᠶ᠎ᠠ᠂ ᠪᠡᠳᠡᠬᠢ ᠶᠢᠨ ᠨᠦᠯᠦᠭᠡ᠂ ᠬᠦᠵᠦᠭᠦᠨ ᠶᠠᠰᠤᠨ ᠤ ᠵᠠᠪᠰᠠᠷ ᠤᠨ ᠬᠠᠪᠳᠠᠰᠤ ᠭᠦᠳᠦ᠋ᠢᠬᠦ ᠵᠡᠷᠭᠡ ᠤᠯᠠᠨ ᠵᠦᠢᠯ ᠤᠨ ᠰᠢᠯᠳᠠᠭᠠᠨ ᠠᠴᠠ ᠪᠤᠯᠳᠠᠭ ᠲᠤᠯᠠ ᠡᠮᠨᠡᠯᠭᠡ ᠶᠢᠨ ᠬᠤᠷᠢᠶ᠎ᠠ ᠶᠢᠨ ᠶᠠᠰᠤᠨ ᠤ ᠰᠠᠯᠠᠭ᠎ᠠ᠂ ᠨᠢᠷᠤᠭᠤᠨ ᠤ ᠭᠠᠳᠠᠷ ᠰᠠᠯᠠᠭ᠎ᠠ ᠪᠤᠶᠤ ᠡᠷᠡᠭᠦᠯᠵᠢᠯ ᠤᠨ ᠰᠠᠯᠠᠭ᠎ᠠ ᠶᠢᠨ ᠡᠮᠴᠢ ᠪᠠᠷ ᠦᠵᠡᠭᠦᠯᠵᠦ ᠲᠤᠰᠬᠠᠢ ᠮᠡᠷᠭᠡᠵᠢᠯ ᠤᠨ ᠵᠢᠯᠤᠭᠤᠳᠤᠯᠭ᠎ᠠ ᠲᠠᠢ ᠪᠠᠷ ᠡᠷᠡᠭᠦᠯᠵᠢᠭᠦᠯᠦᠨ ᠵᠠᠰᠠᠬᠤ ᠬᠡᠷᠡᠭᠳᠠᠢ ᠭᠡᠵᠦ ᠡᠮᠴᠢ ᠨᠠᠷ ᠠᠴᠠ ᠰᠠᠨᠠᠭᠤᠯᠵᠤ ᠪᠠᠶᠢᠨ᠎ᠠ᠃
ᠳᠤᠮᠳᠠᠳᠤ ᠤᠯᠤᠰ ᠤᠨ ᠬᠢᠲᠠᠳ ᠡᠮᠨᠡᠯᠭᠡ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠭᠤᠸᠠᠩ ᠠᠨ ᠮᠧᠨ ᠤ ᠡᠮᠨᠡᠯᠭᠡ ᠶᠢᠨ ᠬᠤᠷᠢᠶ᠎ᠠ ᠶᠢᠨ ᠢᠯᠢᠵᠦ ᠨᠤᠬᠤᠯᠠᠬᠤ ᠰᠠᠯᠠᠭ᠎ᠠ ᠶᠢᠨ ᠡᠷᠬᠢᠯᠡᠭᠴᠢ ᠡᠮᠴᠢ ᠸᠠᠩ ᠯᠢ ᠵᠢᠶᠦ᠋ᠨ ᠤ ᠲᠠᠨᠢᠯᠴᠠᠭᠤᠯᠤᠭᠰᠠᠨ ᠢᠶᠠᠷ ᠤᠳᠤᠬᠠᠨ ᠳᠤ ᠬᠦᠵᠦᠭᠦᠨ ᠦᠶ᠎ᠠ ᠶᠢᠨ ᠡᠪᠡᠷᠰᠢᠶᠡᠯ ᠢ ᠵᠠᠰᠠᠬᠤ ᠲᠠᠯ᠎ᠠ ᠪᠠᠷ 3 ᠵᠦᠢᠯ ᠤᠨ ᠪᠤᠷᠤᠭᠤ ᠠᠷᠭ᠎ᠠ ᠳᠡᠯᠭᠡᠷᠡᠵᠦ ᠪᠤᠢ᠃
ᠨᠢᠭᠡ ᠨᠢ᠂ ᠦᠪᠡᠷ ᠢᠶᠠᠨ ᠦᠵᠡᠵᠦ ᠢᠷᠡᠭᠡᠳ ᠬᠦᠵᠦᠬᠦᠤ ᠪᠠᠨ ᠳᠠᠳᠠᠬᠤ᠃ ᠵᠢᠱᠢᠶᠡᠯᠡᠪᠡᠯ᠂ ᠰᠦᠯᠵᠢᠶ᠎ᠠ ᠪᠠᠷ ᠳᠡᠯᠡᠭᠦ ᠵᠠᠰᠠᠯ ᠤᠨ ᠲᠦᠬᠦᠭᠡᠷᠦᠮᠵᠢ ᠬᠤᠳᠠᠯᠳᠤᠨ ᠠᠪᠴᠤ ᠬᠦᠵᠦᠭᠦᠦ ᠪᠠᠨ ᠳᠠᠳᠠᠨ᠎ᠠ᠃ ᠢᠩᠬᠢᠬᠦ ᠨᠢ ᠵᠠᠷᠢᠮ ᠳᠠᠭᠠᠨ ᠡᠪᠡᠷᠰᠢᠶᠡᠯ ᠢ ᠨᠠᠮᠳᠠᠭᠠᠬᠤ ᠦᠢᠯᠡᠳᠦᠯ ᠲᠠᠢ ᠮᠡᠳᠦ ᠪᠤᠯᠪᠠᠴᠤ ᠴᠢᠨᠠᠭᠰᠢᠳᠠ ᠶᠢᠨ ᠭᠡᠮᠳᠦᠯ ᠪᠤᠯᠵᠤ ᠮᠡᠳᠡᠨ᠎ᠠ᠃
ᠬᠤᠶᠠᠷ ᠨᠢ᠂ ᠭᠠᠷ ᠤᠳᠠᠰᠤ ᠪᠠᠨ ᠦᠯᠶᠢᠵᠤ ᠬᠠᠷᠠᠬᠤ᠃ ᠬᠡᠷᠡᠭ ᠳᠡᠭᠡᠷ᠎ᠠ ᠪᠠᠨ ᠤᠷᠳᠤ ᠬᠤᠭᠤᠴᠠᠭ᠎ᠠ ᠪᠠᠷ ᠭᠠᠷ ᠤᠳᠠᠰᠤ ᠪᠠᠨ ᠦᠯᠶᠢᠵᠤ ᠬᠠᠷᠠᠬᠤ ᠨᠢ ᠪᠦᠬᠦ᠋ᠢᠵᠦ ᠬᠠᠷᠠᠬᠤ ᠲᠠᠢ ᠠᠳᠠᠯᠢᠬᠠᠨ ᠢᠶᠠᠷ ᠬᠦᠵᠦᠭᠦᠨ ᠦᠶ᠎ᠠ ᠳᠤ ᠮᠠᠭᠤ ᠶᠤᠮ᠃
ᠭᠤᠷᠪᠠ ᠨᠢ᠂ ᠬᠦᠵᠦᠭᠦᠦ ᠪᠠᠨ ᠺᠡᠷ ᠺᠡᠷ ᠭᠡᠳᠡᠯ᠎ᠠ ᠮᠤᠰᠬᠢᠬᠤ᠃ ᠬᠦᠵᠦᠭᠦᠦ ᠪᠠᠨ ᠶᠡᠭᠡ ᠪᠠᠷ ᠮᠤᠰᠬᠢᠪᠡᠯ ᠬᠦᠵᠦᠭᠦᠨ ᠦᠶ᠎ᠠ ᠪᠠᠷ ᠺᠠᠷ ᠺᠠᠷ ᠭᠡᠬᠦ ᠳᠠᠭᠤ ᠭᠠᠷᠤᠨ᠎ᠠ᠃ ᠬᠡᠷᠡᠭ ᠳᠡᠭᠡᠷ᠎ᠠ ᠪᠠᠨ ᠡᠨᠡ ᠨᠢ ᠬᠦᠵᠦᠭᠦᠨ ᠦᠶ᠎ᠠ ᠶᠢᠨ ᠭᠤᠯᠭᠤᠮᠠᠳᠠᠭᠠᠢ ᠴᠢᠨᠠᠷ ᠠᠨᠠᠢ ᠪᠤᠯᠵᠤ ᠪᠠᠶᠢᠭ᠎ᠠ ᠶᠢᠨ ᠢᠯᠡᠷᠡᠯ ᠮᠦᠨ᠃ ᠤᠷᠳᠤ ᠬᠤᠭᠤᠴᠠᠭ᠎ᠠ ᠪᠠᠷ ᠳᠠᠬᠢᠨ ᠳᠠᠪᠳᠠᠨ ᠬᠦᠵᠦᠭᠦᠦ ᠪᠠᠨ ᠺᠡᠷ ᠺᠠᠷ ᠭᠡᠳᠡᠯ᠎ᠠ ᠮᠤᠰᠬᠢᠪᠠᠯ ᠬᠦᠵᠦᠭᠦᠨ ᠦᠶ᠎ᠠ ᠰᠢᠯᠵᠢᠵᠦ᠂ ᠬᠦᠵᠦᠭᠦᠨ ᠦᠶ᠎ᠠ ᠶᠢᠨ ᠡᠪᠡᠳᠴᠢᠨ ᠪᠤᠯᠵᠤ ᠮᠡᠳᠡᠨ᠎ᠠ᠃