ᠵᠤᠬᠢᠶᠠᠭᠴᠢ:
ᠴᠠᠭ:2025-06-20
ᠥᠵᠡᠭᠰᠡᠨ : ℃
ᠢᠷᠡᠯᠲᠡ:
ᠨᠣᠭᠤᠭ᠎ᠠ ᠤᠬᠢᠶᠠᠬᠤ ᠳᠠᠭᠠᠨ ᠪᠢᠲᠡᠭᠡᠶ ᠢᠩᠭᠢᠵᠦ ᠤᠬᠢᠶᠠ᠂ ᠤᠬᠢᠶᠠᠬᠤ ᠲᠤᠲᠤᠮ ᠪᠤᠵᠠᠷ ᠪᠤᠯᠬᠤ ᠪᠦᠭᠡᠳ ᠪᠠᠰᠠ ᠰᠢᠮ᠎ᠡ ᠲᠡᠵᠢᠭᠡᠯ ᠨᠢ ᠠᠯᠳᠠᠬᠳᠠᠨᠠ︕ ᠤᠯᠠᠨ ᠬᠥᠮᠦᠨ ᠴᠥᠮ ᠵᠥᠪ ᠤᠬᠢᠶᠠᠵᠦ ᠴᠢᠳᠠᠬᠤ ᠦᠭᠡᠢ ᠪᠠᠶᠢᠨ᠎ᠠ
4 ᠵᠦᠢᠯ ᠤᠨ ᠪᠤᠷᠤᠭᠤ ᠮᠦᠷᠳᠡᠭᠡᠨ ᠦᠷᠭᠦᠯᠵᠢ ᠬᠠᠷᠠᠭᠳᠠᠳᠠᠭ ᠨᠣᠭᠤᠭ᠎ᠠ ᠤᠬᠢᠶᠠᠬᠤ ᠠᠷᠭ᠎ᠠ
1. ᠢᠳᠡᠰᠢᠨ ᠨᠣᠭᠤᠭ᠎ᠠ ᠶᠢ ᠤᠳᠠᠭᠠᠨ ᠳᠡᠪᠲᠦᠭᠡᠬᠦ᠄ ᠢᠳᠡᠰᠢᠨ ᠨᠣᠭᠤᠭ᠎ᠠ ᠶᠢ ᠤᠳᠠᠭᠠᠨ ᠳᠡᠪᠲᠦᠭᠡᠪᠡᠯ ᠢᠳᠡᠰᠢᠨ ᠨᠣᠭᠤᠭ᠎ᠠ ᠶᠢᠨ ᠡᠰ ᠤᠨ ᠬᠠᠨ᠎ᠠ ᠶᠢ ᠵᠥᠭᠡᠯᠡᠷᠡᠭᠦᠯᠬᠦ ᠶᠢᠨ ᠤᠯᠠᠮ ᠢᠶᠠᠷ ᠢᠳᠡᠰᠢᠨ ᠨᠣᠭᠤᠭ᠎ᠠ ᠳᠤ ᠲᠠᠷᠢᠶᠠᠨ ᠡᠮ ᠪᠣᠯᠤᠨ ᠪᠤᠰᠤᠳ ᠪᠣᠬᠢᠷᠲᠤᠯ ᠪᠣᠳᠠᠰ ᠨᠠᠩ ᠠᠮᠠᠷᠬᠠᠨ ᠨᠡᠪᠴᠢᠵᠦ ᠤᠷᠤᠨ᠎ᠠ᠃ ᠡᠭᠦᠨ ᠠᠴᠠ ᠭᠠᠳᠠᠨ᠎ᠠ᠂ ᠵᠠᠷᠢᠮ ᠤᠰᠤᠨ ᠳᠤ ᠠᠭᠤᠰᠬᠤ ᠴᠢᠨᠠᠷᠲᠠᠶ ᠸᠢᠲ᠋ᠠᠮᠢᠨ ᠨᠢ ᠤᠰᠤᠨ ᠳᠤ ᠠᠭᠤᠰᠴᠤ᠂ ᠰᠢᠮ᠎ᠡ ᠲᠡᠵᠢᠭᠡᠯ ᠢ ᠨᠢ ᠠᠯᠳᠠᠭᠤᠯᠳᠠᠭ ᠪᠠᠶᠢᠨ᠎ᠠ᠃
2. ᠤᠬᠢᠶᠠᠯᠭ᠎ᠠ ᠶᠢᠨ ᠡᠳ᠋ ᠢ ᠭᠡᠳᠦ ᠠᠷᠪᠢᠨ ᠬᠡᠷᠡᠭᠯᠡᠬᠦ᠄ ᠤᠬᠢᠶᠠᠯᠭ᠎ᠠ ᠶᠢᠨ ᠡᠳ᠋ ᠤᠨ ᠲᠤᠳᠤᠷᠠᠬᠢ ᠬᠢᠮᠢ ᠶᠢᠨ ᠪᠦᠷᠢᠯᠳᠦᠬᠦᠨ ᠢ ᠲᠦᠯᠪᠤᠷᠢᠲᠠᠢ ᠤᠬᠢᠶᠠᠬᠤ ᠦᠭᠡᠢ ᠪᠣᠯ ᠢᠳᠡᠰᠢᠨ ᠨᠣᠭᠤᠭ᠎ᠠ ᠶᠢᠨ ᠭᠠᠳᠠᠷᠭᠤ ᠳᠡᠭᠡᠷ᠎ᠡ ᠦᠯᠡᠳᠡᠭᠳᠡᠵᠦ᠂ ᠬᠤᠶᠠᠳᠠᠬᠢ ᠪᠣᠬᠢᠷᠲᠤᠯ ᠢ ᠡᠭᠦᠰᠭᠡᠵᠦ᠂ ᠡᠷᠡᠭᠦᠯ ᠮᠡᠨᠳᠦ ᠶᠢ ᠨᠥᠯᠥᠭᠡᠯᠡᠳᠡᠭ᠃
3. ᠤᠷᠢᠳ ᠢᠶᠠᠷ ᠬᠡᠷᠴᠢᠵᠦ ᠳᠠᠷᠠᠭ᠎ᠠ ᠨᠢ ᠤᠬᠢᠶᠠᠬᠤ᠄ ᠢᠳᠡᠰᠢᠨ ᠨᠣᠭᠤᠭ᠎ᠠ ᠶᠢ ᠤᠷᠢᠳ ᠢᠶᠠᠷ ᠬᠡᠷᠴᠢᠵᠦ ᠳᠠᠷᠠᠭ᠎ᠠ ᠨᠢ ᠤᠬᠢᠶᠠᠪᠠᠯ ᠢᠳᠡᠰᠢᠨ ᠨᠣᠭᠤᠭ᠎ᠠ ᠶᠢᠨ ᠳᠣᠲᠣᠷᠠᠬᠢ ᠮᠠᠰᠢ ᠣᠯᠠᠨ ᠰᠢᠮ᠎ᠡ ᠲᠡᠵᠢᠭᠡᠯ ᠤᠨ ᠪᠦᠷᠢᠯᠳᠦᠬᠦᠨ ᠨᠢ ᠬᠡᠷᠴᠢᠭᠰᠡᠨ ᠬᠡᠰᠡᠭ ᠢᠶᠠᠷ ᠭᠠᠳᠠᠬᠰᠢ ᠪᠠᠨ ᠤᠷᠤᠰᠤᠨ ᠭᠠᠷᠴᠤ᠂ ᠤᠰᠤᠨ ᠳᠤ ᠠᠭᠤᠰᠳᠠᠭ᠃
4. ᠨᠣᠭᠤᠭ᠎ᠠ ᠤᠬᠢᠶᠠᠬᠤ ᠮᠠᠰᠢᠨ ᠢᠶᠠᠷ ᠤᠬᠢᠶᠠᠬᠤ᠄ ᠬᠡᠲᠦ ᠳᠠᠭᠤᠨ ᠳᠣᠯᠭᠢᠶᠠᠨ ᠢᠶᠠᠷ ᠨᠠᠪᠴᠢᠳᠦ ᠨᠣᠭᠤᠭ᠎ᠠ ᠶᠢ ᠤᠬᠢᠶᠠᠪᠠᠯ ᠦᠷ᠎ᠡ ᠳ᠋ᠦᠩ ᠨᠢ ᠲᠡᠶᠢᠮᠦ ᠰᠠᠶᠢᠨ ᠪᠢᠰᠢ᠂ ᠲᠠᠷᠢᠶᠠᠨ ᠡᠮ ᠢ ᠵᠥᠪᠬᠡᠨ 53% ᠪᠠᠷ ᠠᠷᠢᠯᠭᠠᠵᠤ᠂ ᠠᠰᠢᠭᠯᠠᠮᠵᠢ ᠨᠢ ᠳᠣᠣᠷ᠎ᠠ ᠪᠤᠯᠳᠠᠭ᠃