ᠵᠤᠬᠢᠶᠠᠭᠴᠢ:
ᠴᠠᠭ:2025-11-06
ᠥᠵᠡᠭᠰᠡᠨ : ℃
ᠢᠷᠡᠯᠲᠡ: ᠠᠯᠠᠱᠠ ᠠᠶᠢᠮᠠᠭ ᠤᠨ ᠵᠠᠬᠢᠷᠭ᠎ᠠ
ᠦᠬᠦᠭᠰᠡᠡ ᠵᠢᠬᠦᠷᠳᠡᠨ ᠤ ᠮᠢᠬ᠎ᠠ ᠵᠢ ᠪᠢᠳᠡᠬᠡᠢ ᠢᠳᠡᠬᠡᠷᠡᠢ
ᠮᠠᠰᠢ ᠤᠯᠠᠨ ᠡᠪᠡᠳᠴᠢᠨ᠂ ᠵᠢᠱᠢᠶᠡᠯᠡᠪᠡᠯ ᠬᠤᠯᠤᠭᠠᠨ᠎ᠠ ᠵᠢᠨ ᠬᠢᠵᠢᠭ᠂ ᠭᠠᠯᠵᠠᠭᠤ ᠡᠪᠡᠳᠴᠢᠨ᠂ ᠠᠮᠠᠷᠬᠠᠨ ᠡᠪᠡᠳᠴᠢᠯᠡᠬᠦᠯᠬᠦ ᠵᠢᠬᠦᠷᠳᠡᠨ ᠤ ᠬᠠᠨᠢᠶᠠᠳᠤ ᠵᠡᠷᠬᠡ ᠨᠢ ᠠᠮᠢᠳᠠᠨ ᠵᠢᠡᠷ ᠲᠡᠮᠵᠢᠨ ᠬᠠᠯᠳᠠᠪᠤᠷᠢᠯᠡᠵᠤ ᠮᠡᠳᠡᠨ᠎ᠠ᠃ ᠤᠳᠤᠬᠠᠨ᠎ᠠ ᠨᠢᠬᠡᠨᠳᠡ ᠮᠡᠳᠡᠭᠰᠡᠡ 200 ᠭᠠᠷᠤᠢ ᠲᠦᠷᠤᠯ ᠤᠨ ᠠᠮᠢᠳᠠᠨ ᠤ ᠬᠠᠯᠳᠠᠪᠤᠷᠢᠳᠤ ᠡᠪᠡᠳᠴᠢᠨ᠂ 150 ᠭᠠᠷᠤᠢ ᠲᠦᠷᠤᠯ ᠤᠨ ᠰᠢᠮᠡᠬᠦᠷ ᠬᠤᠷᠤᠬᠠᠢ ᠵᠢᠨ ᠡᠪᠡᠳᠴᠢᠨ ᠤ ᠳᠤᠳᠤᠷ᠎ᠠ ᠡᠴᠨ ᠬᠠᠮᠤᠭ ᠤᠨ ᠴᠦᠬᠡᠨ ᠳ᠋ᠡᠬᠡᠨ 200 ᠭᠠᠷᠤᠢ ᠲᠦᠷᠤᠯ ᠨᠢ ᠬᠦᠮᠤᠨ ᠳᠤ ᠬᠠᠯᠳᠠᠪᠤᠷᠢᠯᠡᠵᠤ ᠮᠡᠳᠡᠨ᠎ᠠ᠃ ᠡᠨᠡ ᠬᠦ ᠬᠦᠮᠤᠨ ᠠᠮᠢᠳᠠᠨ ᠳᠤ ᠬᠠᠮᠳᠤ ᠳᠤᠰᠳᠠᠭ ᠡᠪᠡᠳᠴᠢᠨ ᠨᠤᠬᠦᠳ ᠬᠡᠷ ᠤᠨ ᠲᠡᠵᠢᠬᠡᠪᠤᠷᠢ ᠳ᠋ᠤ ᠬᠦᠨᠤᠬᠡᠯ ᠤᠴᠠᠷᠠᠭᠤᠯᠬᠤ ᠪᠡᠷ ᠪᠠᠷᠠᠬᠤ ᠦᠬᠡᠢ ᠬᠦᠮᠤᠨ ᠤ ᠡᠷᠡᠬᠦᠯ ᠮᠡᠨᠳᠤ ᠳᠤ ᠴᠤ ᠶᠡᠬᠡ ᠬᠤᠤᠷ ᠲᠠᠢ ᠪᠠᠶᠢᠳᠠᠭ᠃
ᠬᠦᠮᠤᠨ ᠠᠮᠢᠳᠠᠨ ᠳᠤ ᠬᠠᠮᠳᠤ ᠳᠤᠰᠬᠤ ᠡᠪᠡᠳᠴᠢᠨ ᠤ ᠲᠡᠯᠬᠡᠷᠡᠯ ᠲᠡᠤᠬᠡᠨ ᠲᠡᠬᠡᠷ᠎ᠠ ᠤᠯᠠᠨ ᠤᠳᠠᠭ᠎ᠠ ᠭᠠᠷᠴᠤ ᠪᠠᠶᠢᠪᠠ᠃ ᠵᠢᠱᠢᠶᠡᠯᠡᠪᠡᠯ ᠳᠤᠮᠳᠠᠳᠤ ᠵᠠᠭᠤᠨ ᠤ ᠦᠶ᠎ᠠ ᠳᠤ ᠡᠸᠦ᠋ᠷᠤᠫᠠ ᠳᠤ ᠤᠯᠠᠨ ᠤᠳᠠᠭ᠎ᠠ ᠲᠡᠯᠬᠡᠷᠡᠵᠤ ᠪᠠᠶᠢᠬᠰᠠᠠ ᠬᠤᠯᠤᠭᠠᠨ᠎ᠠ ᠵᠢᠨ ᠬᠢᠵᠢᠭ ᠤᠨ ᠦᠬᠦᠬᠦ ᠨᠤᠷᠮ᠎ᠠ ᠨᠢ 40% ︱ 60% ᠳ᠋ᠤ ᠬᠦᠷᠴᠤ ᠪᠠᠶᠢᠵᠠᠢ᠃ ᠤᠶᠢᠷ᠎ᠠ ᠵᠢᠨ ᠵᠢᠯ ᠡᠴᠨ ᠭᠠᠳᠠᠭᠠᠳᠤ ᠳᠤ ᠪᠠᠰᠠ ᠦᠬᠡᠷ ᠤᠨ ᠭᠠᠯᠵᠠᠭᠤᠷᠠᠯ ᠡᠪᠡᠳᠴᠢᠨ ᠶᠡᠬᠡ ᠲᠡᠯᠬᠡᠷᠡᠬᠦ ᠪᠤᠯᠤᠭᠰᠠᠠ ᠪᠠᠶᠢᠨ᠎ᠠ᠃
ᠡᠪᠡᠳᠴᠢᠯᠡᠵᠤ ᠦᠬᠦᠭᠰᠡᠡ᠂ ᠬᠤᠤᠷᠳᠡᠵᠤ ᠦᠬᠦᠭᠰᠡᠡ ᠪᠤᠶᠤ ᠦᠬᠦᠭᠰᠡᠡ ᠰᠢᠯᠳᠠᠭᠠᠨ ᠨᠢ ᠳᠤᠳᠤᠷᠬᠠᠢ ᠦᠬᠡᠢ ᠵᠢᠬᠦᠷᠳᠡᠨ᠂ ᠮᠠᠯ ᠠᠳᠤᠭᠤᠰᠤ᠂ ᠠᠷᠢᠶᠠᠳᠠᠨ᠂ ᠤᠰᠤᠨ ᠤ ᠠᠮᠢᠳᠠᠨ ᠵᠢᠴᠢ ᠲᠡᠬᠦᠨ ᠤ ᠪᠦᠳᠤᠬᠡᠭᠳᠡᠬᠦᠨ ᠢ ᠤᠶᠢᠯᠠᠳᠪᠤᠷᠢᠯᠡᠬᠦ ᠪᠤᠶᠤ ᠡᠵᠡᠩᠨᠡᠵᠤ ᠪᠤᠯᠬᠤ ᠦᠬᠡᠢ᠂ ᠡᠪᠡᠳᠴᠢᠯᠡᠵᠤ ᠦᠬᠦᠭᠰᠡᠡ ᠵᠢᠬᠦᠷᠳᠡᠨ ᠠᠮᠢᠳᠠᠨ ᠢ ᠢᠳᠡᠵᠤ ᠪᠤᠯᠬᠤ ᠦᠬᠡᠢ᠂ ᠬᠤᠳᠠᠯᠳᠤᠵᠤ ᠪᠤᠯᠬᠤ ᠦᠬᠡᠢ᠂ ᠲᠡᠬᠡᠬᠡᠪᠤᠷᠢᠯᠡᠨ ᠰᠢᠯᠵᠢᠬᠦᠯᠵᠤ ᠪᠤᠯᠬᠤ ᠦᠬᠡᠢ᠂ ᠳᠤᠬᠠᠢ ᠵᠢᠨ ᠭᠠᠵᠡᠷ ᠳᠤᠨᠢ ᠬᠤᠤᠷ ᠦᠭᠡᠶᠢᠲᠡᠭᠦᠯᠦᠨ ᠰᠶᠢᠳᠪᠤᠷᠢᠯᠡᠬᠦ ᠬᠡᠷᠡᠭᠳᠡᠢ ᠬᠡᠵᠤ ᠤᠯᠤᠰ ᠡᠴᠨ ᠳᠤᠳᠤᠷᠬᠠᠢ ᠳᠤᠭᠳᠠᠭᠠᠭᠰᠠᠠ ᠪᠦᠬᠡᠳ ᠪᠤᠬᠢᠷᠳᠤᠭᠰᠠᠠ ᠭᠠᠵᠡᠷ ᠢ ᠳᠤᠶᠢᠯᠪᠤᠷᠢᠳᠡᠢ ᠠᠷᠢᠭᠤᠳᠬᠠᠠ᠂ ᠡᠪᠡᠳᠴᠢᠨ ᠤ ᠬᠠᠯᠳᠠᠪᠤᠷᠢᠯᠡᠬᠤ ᠵᠠᠮ ᠢ ᠬᠠᠭᠠᠵᠤ᠂ ᠬᠦᠮᠤᠨ ᠠᠮᠢᠳᠠᠨ ᠳᠤ ᠨᠠᠶᠢᠳᠠ ᠳᠤᠨᠢ ᠳᠤᠰᠬᠤ ᠡᠪᠡᠳᠴᠢᠨ ᠤ ᠬᠠᠯᠳᠠᠪᠤᠷᠢᠯᠠᠬᠤ ᠵᠢ ᠤᠬ ᠡᠬᠢ ᠡᠴᠨ ᠨᠢ ᠡᠵᠡᠮᠳᠡᠬᠦ ᠬᠡᠷᠡᠭᠳᠡᠢ ᠬᠡᠪᠡ᠃
ᠴᠦᠬᠡᠨ ᠪᠤᠰᠤ ᠠᠮᠢᠳᠠᠨ ᠬᠠᠷᠠᠬᠤ ᠳᠤ ᠡᠷᠡᠬᠦᠯ ᠪᠤᠯᠪᠠᠴᠤ ᠪᠡᠶ᠎ᠠ ᠲᠡᠬᠡᠷ᠎ᠠ ᠨᠢ ᠪᠠᠺᠲᠸᠷᠢ ᠪᠤᠯᠤᠨ ᠰᠢᠮᠡᠬᠦᠷ ᠬᠤᠷᠤᠬᠠᠢ ᠵᠡᠷᠬᠡ ᠵᠢᠨ ᠬᠦᠮᠤᠨ ᠢ ᠡᠪᠡᠳᠴᠢᠯᠡᠬᠦᠯᠳᠡᠭ ᠡᠪᠡᠳᠴᠢᠨ ᠡᠬᠦᠰᠬᠡᠭᠴᠢ ᠤᠯᠠᠨ ᠪᠠᠶᠢᠳᠠᠭ᠂ ᠲᠡᠬᠦᠨ ᠲᠠᠢ ᠤᠶᠢᠷᠠᠳᠬᠤ ᠦᠶ᠎ᠠ ᠳᠤ ᠡᠪᠡᠳᠴᠢᠨ ᠡᠬᠦᠰᠬᠡᠭᠴᠢ ᠨᠢ ᠬᠦᠮᠤᠨ ᠳᠤ ᠬᠠᠯᠳᠠᠪᠤᠷᠢᠯᠠᠳᠠᠭ᠃ ᠬᠡᠬᠡᠷ᠎ᠠ ᠵᠢᠨ ᠠᠮᠢᠳᠠᠨ ᠴᠤ ᠮᠠᠰᠢ ᠤᠯᠠᠨ ᠡᠪᠡᠳᠴᠢᠨ ᠡᠬᠦᠰᠬᠡᠭᠴᠢ ᠠᠪᠴᠤ ᠶᠠᠪᠤᠳᠠᠭ ᠲᠤᠯᠠ ᠳᠤᠷ᠎ᠠ ᠪᠡᠷ ᠵᠢᠠᠨ ᠠᠪᠠᠯᠠᠵᠤ ᠢᠳᠡᠬᠦ ᠨᠢ ᠰᠢᠨ᠎ᠠ ᠬᠠᠯᠳᠠᠪᠤᠷᠢᠳᠤ ᠡᠪᠡᠳᠴᠢᠨ ᠢ ᠡᠬᠦᠰᠬᠡᠵᠤ ᠮᠡᠳᠡᠨ᠎ᠠ᠃
ᠠᠮᠢᠳᠠᠨ ᠤ ᠬᠠᠯᠳᠠᠪᠤᠷᠢᠳᠤ ᠡᠪᠡᠳᠴᠢᠨ ᠬᠦᠮᠤᠨ ᠳᠤ ᠬᠠᠯᠳᠠᠪᠤᠷᠢᠯᠠᠬᠤ ᠵᠢ ᠰᠡᠷᠬᠡᠶᠢᠯᠡᠬᠦ ᠵᠢᠨ ᠳᠤᠯᠠᠳᠠ᠂ ᠠᠯᠢ ᠴᠢᠳᠠᠬᠤ ᠪᠡᠷ ᠬᠡᠮ ᠲᠠᠢ ᠮᠠᠯ᠂ ᠬᠡᠮ ᠲᠠᠢ ᠵᠢᠬᠦᠷᠳᠡᠨ᠂ ᠬᠡᠮ ᠲᠠᠢ ᠠᠮᠢᠳᠠᠨ ᠳᠤ ᠤᠶᠢᠷᠠᠳᠬᠤ ᠦᠬᠡᠢ︔ ᠦᠬᠦᠭᠰᠡᠡ ᠰᠢᠯᠳᠠᠭᠠᠨ ᠨᠢ ᠳᠤᠳᠤᠷᠬᠠᠢ ᠦᠬᠡᠢ ᠵᠢᠬᠦᠷᠳᠡᠨ᠂ ᠮᠠᠯ ᠠᠳᠤᠭᠤᠰᠤ ᠵᠢᠨ ᠪᠦᠳᠤᠬᠡᠭᠳᠡᠬᠦᠨ ᠢ ᠪᠤᠯᠪᠠᠰᠤᠷᠠᠭᠤᠯᠬᠤ ᠦᠬᠡᠢ᠂ ᠢᠳᠡᠬᠦ ᠦᠬᠡᠢ︔ ᠲᠦᠬᠦᠬᠡᠢ ᠪᠤᠶᠤ ᠰᠢᠬᠦᠷᠬᠡᠢ ᠭᠠᠬᠠᠢ᠂ ᠦᠬᠡᠷ᠂ ᠬᠤᠨᠢ ᠢᠮᠠᠭ᠎ᠠ᠂ ᠲᠡᠬᠢᠶ᠎ᠠ ᠨᠤᠭᠤᠰᠤ᠂ ᠲᠠᠤᠯᠠᠢ ᠵᠡᠷᠬᠡ ᠵᠢᠨ ᠠᠮᠢᠳᠠᠨ ᠪᠤᠯᠤᠨ ᠴᠡᠩᠬᠡᠭ ᠤᠰᠤᠨ ᠤ ᠵᠢᠭᠠᠰᠤ᠂ ᠰᠡᠮ ᠬᠤᠷᠤᠬᠠᠢ᠂ ᠳᠤᠩ᠂ ᠨᠠᠢᠮᠠᠯᠵᠢ᠂ ᠮᠠᠯᠡᠬᠡᠢ ᠵᠡᠷᠬᠡ ᠵᠢᠨ ᠤᠰᠤᠨ ᠤ ᠠᠮᠢᠳᠠᠨ ᠢ ᠢᠳᠡᠬᠦ ᠦᠬᠡᠢ︔ ᠬᠡᠬᠡᠷ᠎ᠠ ᠵᠢᠨ ᠠᠮᠢᠳᠡᠨ ᠢ ᠢᠳᠡᠬᠦ ᠦᠬᠡᠢ︔ ᠵᠢᠬᠦᠷᠳᠡᠨ ᠠᠮᠢᠳᠠᠨ ᠳᠤ ᠤᠶᠢᠷᠠᠳᠤᠭᠰᠠᠠ ᠤ ᠲᠠᠷᠠᠭ᠎ᠠ ᠭᠠᠷ ᠵᠢᠠᠨ ᠤᠬᠢᠶᠠᠨ᠎ᠠ︔ ᠡᠪᠡᠳᠴᠢᠯᠡᠵᠤ ᠦᠬᠦᠭᠰᠡᠡ ᠵᠢᠬᠦᠷᠳᠡᠨ ᠠᠮᠢᠳᠠᠨ ᠢ ᠦᠵᠡᠪᠡᠯ ᠮᠠᠯ ᠠᠵᠤ ᠠᠬᠤᠢ ᠵᠢᠨ ᠰᠠᠯᠠᠭ᠎ᠠ ᠮᠦᠴᠢᠷ ᠤᠨ ᠪᠠᠶᠢᠭᠤᠯᠭ᠎ᠠ ᠳᠤ ᠮᠡᠳᠡᠬᠦᠯᠤᠨ᠎ᠠ︔ ᠡᠪᠡᠳᠴᠢᠯᠠᠵᠤ ᠦᠬᠦᠭᠰᠡᠡ ᠠᠳᠤᠭᠤᠰᠤ ᠵᠢᠬᠦᠷᠳᠡᠨ ᠢ ᠮᠠᠯ ᠠᠵᠤ ᠠᠬᠤᠢ ᠵᠢᠨ ᠰᠠᠯᠠᠭ᠎ᠠ ᠮᠦᠴᠢᠷ ᠤᠨ ᠪᠠᠶᠢᠭᠤᠯᠭ᠎ᠠ ᠵᠢᠨ ᠱᠠᠭᠠᠷᠳᠠᠯᠭ᠎ᠠ ᠶᠤᠰᠤᠭᠠᠷ ᠬᠦᠨ ᠪᠤᠯᠠᠵᠤ ᠰᠶᠢᠳᠪᠤᠷᠢᠯᠡᠪᠡᠯ ᠵᠤᠬᠢᠨ᠎ᠠ᠃