ᠵᠤᠬᠢᠶᠠᠭᠴᠢ:
ᠴᠠᠭ:2025-12-31
ᠥᠵᠡᠭᠰᠡᠨ : ℃
ᠢᠷᠡᠯᠲᠡ:
ᠡᠮᠴᠢ ᠵᠢᠨ ᠰᠠᠨᠠᠭᠤᠯᠭ᠎ᠠ ᠵᠢ ᠰᠤᠨᠤᠰᠤᠶ᠎ᠠ
ᠡᠮᠴᠢ ᠡᠴᠨ ᠬᠡᠵᠢᠬᠡ ᠦᠰᠤ ᠪᠡᠨ ᠵᠢᠯ ᠳ᠋ᠥ᠍ 2 ᠤᠳᠠᠭ᠎ᠠ ᠡᠴᠠ ᠢᠯᠡᠬᠦᠣ ᠪᠤᠳᠤᠬᠤ ᠦᠭᠡᠢ ᠪᠠᠢᠬᠤ ᠰᠠᠨᠠᠭᠤᠯᠵᠤ᠂ ᠴᠤ ᠬᠤᠭᠤᠴᠠᠭ᠎ᠠ ᠨᠢ ᠦᠨᠭᠭᠡᠷᠡᠭᠡᠳ ᠬᠠᠭᠠᠰ ᠵᠢᠯ ᠢᠯᠡᠬᠦᠤ ᠪᠤᠯᠤᠬᠰᠠᠨ ᠢ ᠬᠡᠷᠡᠭᠯᠡᠵᠦ ᠪᠤᠯᠬᠤ ᠦᠭᠡᠢ ᠬᠡᠪᠡ᠃ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠦᠰᠦ ᠪᠤᠳᠤᠬᠤ ᠪᠤᠳᠤᠭ ᠢ ᠬᠡᠷᠡᠭᠯᠡᠬᠦ ᠨᠢ ᠠᠷᠠᠰᠤᠨ ᠤ ᠥᠮᠡᠨ᠂ ᠬᠥᠬᠥᠨ ᠪᠤᠯᠴᠢᠷᠬᠠᠶ ᠶ᠋ᠢᠨ ᠥᠮᠡᠨ᠂ ᠥᠨᠳᠡᠭᠡᠪᠴᠢ ᠶ᠋ᠢᠨ ᠥᠮᠡᠨ᠂ ᠯᠢᠮᠹᠠ ᠶ᠋ᠢᠨ ᠬᠠᠪᠤᠳᠠᠷ ᠲᠤ ᠨᠡᠷᠪᠡᠭᠳᠡᠬᠦᠯᠵᠦ ᠮᠡᠳᠡᠬᠦ ᠶᠤᠮ᠃ ᠲᠣᠯᠣᠭᠠᠶ ᠶ᠋ᠢᠨ ᠠᠷᠠᠰᠤ ᠨᠢ ᠮᠠᠰᠢ ᠰᠡᠷᠭᠡᠭ ᠬᠦᠮᠦᠰ ᠦᠰᠦ ᠪᠡᠨ ᠪᠤᠳᠤᠬᠤ ᠠᠴᠠ ᠪᠡᠨ ᠡᠮᠦᠨ᠎ᠡ᠂ ᠮᠠᠩᠨᠠᠶ᠂ ᠴᠢᠬᠢᠨ ᠤ ᠠᠷᠤ ᠵᠢᠨ ᠦᠰᠦᠨ ᠤ ᠵᠠᠭᠠᠭ ᠵᠢᠴᠢ ᠲᠣᠯᠣᠭᠠᠶ ᠶ᠋ᠢᠨ ᠠᠷᠠᠰᠤ ᠲᠡᠭᠡᠷ᠎ᠡ ᠪᠠᠨ ᠸᠠᠽᠧᠯᠢᠨ ᠪᠤᠶᠤ ᠨᠢᠭᠤᠷ ᠤᠨ ᠲᠣᠰᠣ ᠲᠦᠷᠬᠢᠵᠦ᠂ ᠦᠰᠦ ᠪᠤᠳᠤᠬᠤ ᠪᠤᠳᠤᠭ ᠰᠢᠭᠤᠳ ᠬᠦᠷᠦᠯᠴᠡᠬᠦ ᠶ᠋ᠢ ᠪᠠᠭᠠᠰᠬᠠᠵᠦ ᠪᠤᠯᠤᠨ᠎ᠠ᠃ ᠦᠰᠦ ᠪᠠᠨ ᠪᠤᠳᠤᠭᠰᠠᠨ ᠤ ᠳᠠᠷᠠᠭ᠎ᠠ ᠢᠯᠡᠭᠦᠦ ᠬᠡᠲᠦ ᠤᠳᠠᠭ᠎ᠠ ᠤᠰᠤ ᠪᠡᠷ ᠤᠬᠢᠶᠠᠵᠤ᠂ ᠦᠯᠡᠳᠡᠭᠳᠡᠯ ᠢ ᠪᠠᠭᠠᠰᠬᠠᠬᠤ ᠬᠡᠷᠡᠭᠲᠡᠶ᠃ ᠡᠭᠦᠨ ᠠᠴᠠ ᠭᠠᠳᠠᠨ᠎ᠠ᠂ ᠦᠰᠦ ᠪᠤᠳᠤᠬᠤ ᠴᠠᠭ ᠬᠤᠭᠤᠴᠠᠭ᠎ᠠ ᠪᠠᠨ ᠠᠯᠢ ᠴᠢᠳᠠᠬᠤ ᠪᠠᠷ ᠤᠷᠳᠤᠳᠬᠠᠵᠤ᠂ 3 ᠰᠠᠷ᠎ᠠ ᠠᠴᠠ ᠳᠡᠭᠡᠭᠰᠢ ᠪᠠᠢᠯᠭᠠᠪᠠᠯ ᠵᠣᠬᠢᠨ᠎ᠠ᠃ ᠵᠢᠷᠮᠦᠰᠦᠨ ᠬᠤᠭᠤᠴᠠᠭ᠎ᠠ᠂ ᠬᠥᠬᠥᠭᠦᠯ ᠤᠨ ᠬᠤᠭᠤᠴᠠᠭᠠᠨ ᠳ᠋ᠥ᠍ ᠪᠠᠢᠭ᠎ᠠ ᠡᠮᠡᠭᠲᠡᠶᠢᠴᠦᠳ ᠦᠰᠦ ᠪᠡᠨ ᠪᠤᠳᠤᠬᠤ ᠦᠭᠡᠢ ᠪᠤᠯ ᠬᠠᠮᠤᠭ ᠤᠨ ᠰᠠᠢᠨ ᠲᠣᠯᠣᠭᠠᠶ ᠪᠤᠯᠤᠨ ᠨᠢᠭᠤᠷ ᠤᠨ ᠬᠡᠰᠡᠭ ᠲᠤ ᠴᠢᠨᠢ ᠬᠠᠲᠠᠭᠢ ᠭᠠᠷᠤᠬᠰᠠᠨ᠂ ᠲᠣᠰᠣ ᠨᠡᠪᠴᠢᠬᠦ ᠴᠢᠨᠠᠷᠲᠠᠶ ᠠᠷᠠᠰᠤᠨ ᠤ ᠦᠷᠪᠢᠰᠦᠯ ᠲᠠᠢ ᠪᠤᠶᠤ ᠠᠷᠠᠰᠤᠨ ᠤ ᠭᠡᠮᠲᠦᠯ ᠲᠠᠢ ᠵᠢᠴᠢ ᠡᠭᠡᠯᠢᠯᠡᠭᠡ ᠶ᠋ᠢᠨ ᠴᠢᠳᠠᠪᠤᠷᠢ ᠳᠤᠤᠷ᠎ᠠ᠂ ᠡᠪᠡᠳᠴᠢᠨ ᠡᠳᠡᠭᠡᠷᠡᠬᠦ ᠬᠤᠭᠤᠴᠠᠭᠠᠨ ᠪᠠᠢᠭ᠎ᠠ ᠬᠦᠮᠦᠰ ᠦᠰᠦ ᠪᠡᠨ ᠪᠤᠳᠤᠬᠤ ᠥᠬᠡᠶ ᠪᠣᠯ ᠬᠠᠮᠤᠭ ᠤᠨ ᠶᠤᠮ᠃
ᠤᠷᠭᠤᠮᠠᠯ ᠵᠢᠡᠷ ᠬᠢᠭᠰᠡᠡ ᠦᠰᠦ ᠪᠤᠳᠤᠬᠤ ᠪᠤᠳᠤᠭ ᠨᠢ ᠠᠮᠤᠷ ᠲᠦᠪᠰᠢᠨ ᠪᠢᠰᠢ ᠮᠡᠳᠡᠨ᠎ᠡ᠃ ᠣᠢᠷ᠎ᠠ ᠳᠤ ᠳᠤᠮᠳᠠᠳᠤ ᠤᠯᠤᠰ ᠤᠨ ᠢᠳᠡᠭᠡᠨ ᠤ ᠵᠤᠢᠯ ᠡᠮ ᠢ ᠰᠢᠯᠭᠠᠨ ᠲᠣᠭᠲᠠᠭᠠᠬᠤ ᠰᠤᠳᠤᠯᠭᠠᠨ ᠤ ᠬᠦᠷᠢᠶᠡᠯᠡᠩ ᠤᠨ ᠬᠢᠨ ᠤ ᠨᠡᠢᠲᠡᠯᠡᠭᠰᠡᠨ ᠵᠢᠡᠷ 《ᠦᠰᠦ ᠪᠤᠳᠤᠬᠤ ᠭᠣᠶᠣᠯᠠᠯ ᠤᠨ ᠡᠳ᠋ ᠤᠨ ᠲᠤᠬᠠᠢ ᠰᠤᠳᠤᠯᠭᠠᠨ ᠤ ᠮᠡᠷᠭᠡᠵᠢᠯ ᠤᠨ ᠵᠢᠯᠣᠭᠣᠳᠬᠤ ᠵᠠᠷᠴᠢᠮ︵ᠲᠤᠷᠰᠢᠨ ᠬᠡᠷᠡᠭᠵᠢᠭᠦᠯᠬᠦ︶ ︵ᠰᠠᠨᠠᠯ ᠬᠤᠷᠢᠶᠠᠬᠤ ᠨᠤᠤᠷᠠᠭ︶》ᠳ᠋ᠤ᠄ ᠦᠰᠦ ᠪᠤᠳᠤᠬᠤ ᠤᠢᠯᠡᠳᠬᠦᠨ ᠳᠤ《ᠤᠷᠭᠤᠮᠠᠯ ᠵᠢᠡᠷ ᠬᠢᠭᠰᠡᠡ ᠦᠰᠦ ᠪᠤᠳᠤᠬᠤ ᠪᠤᠳᠤᠭ》 ᠵᠡᠷᠭᠡ ᠬᠥᠮᠦᠰ ᠢ ᠠᠮᠠᠷᠬᠠᠨ ᠡᠨᠳᠡᠭᠦᠷᠡᠭᠦᠯᠬᠦ ᠦᠭᠡᠰ ᠢ ᠬᠡᠷᠡᠭᠯᠡᠵᠦ ᠪᠣᠯᠬᠤ ᠥᠬᠡᠶ᠂ ᠲᠡᠷᠡᠴᠢᠯᠡᠨ《ᠡᠶᠡᠪᠡᠷᠭᠦᠤ》《ᠠᠮᠤᠷ ᠲᠦᠪᠰᠢᠨ》ᠵᠡᠷᠭᠡ ᠤᠬᠠᠭᠤᠯᠭ᠎ᠠ ᠶ᠋ᠢᠨ ᠦᠭᠡᠰ ᠲᠠᠢ ᠪᠤᠳᠤᠭ ᠢ ᠪᠣᠯᠭᠣᠮᠵᠢᠲᠠᠶ ᠬᠡᠷᠡᠭᠯᠡᠵᠦ᠂ ᠦᠰᠦ ᠪᠤᠳᠤᠬᠤ ᠭᠣᠶᠣᠯᠠᠯ ᠤᠨ ᠡᠳ᠋ ᠤᠨ ᠵᠠᠬ᠎ᠠ ᠳᠡᠯᠭᠡᠭᠦᠷ ᠤᠨ ᠤᠬᠠᠭᠤᠯᠭ᠎ᠠ ᠵᠢᠴᠢ ᠦᠨᠡᠯᠡᠯᠲᠡ ᠶ᠋ᠢᠨ ᠠᠵᠢᠯ ᠢ ᠤᠯᠠᠮ ᠴᠢᠨᠠᠬᠰᠢᠳᠠ ᠵᠢᠷᠤᠮᠵᠢᠭᠤᠯᠬᠤ ᠬᠡᠷᠡᠭᠲᠡᠶ ᠭᠡᠵᠦ ᠲᠣᠳᠣᠷᠬᠠᠶ ᠲᠤᠷᠠᠳᠴᠠᠢ᠃
ᠣᠳᠣᠬᠠᠨ ᠳᠤ ᠵᠠᠬ᠎ᠠ ᠳᠡᠯᠭᠡᠭᠦᠷ ᠳᠡᠭᠡᠷ᠎ᠡ ᠴᠥᠭᠡᠨ ᠪᠤᠰᠤ《ᠤᠷᠭᠤᠮᠠᠯ ᠵᠢᠡᠷ ᠬᠢᠭᠰᠡᠡ ᠦᠰᠦ ᠪᠤᠳᠤᠬᠤ ᠪᠤᠳᠤᠭ》ᠭᠡᠳᠡᠭ ᠦᠢᠯᠡᠳᠬᠦᠨ ᠨᠢ ᠦᠨᠡᠨ ᠳᠡᠭᠡᠨ ᠮᠥᠨ ᠯᠡ ᠬᠢᠮᠢ ᠶ᠋ᠢᠨ ᠠᠷᠭ᠎ᠠ ᠪᠠᠷ ᠦᠰᠦ ᠪᠤᠳᠤᠬᠤ ᠪᠦᠷᠢᠯᠳᠦᠬᠦᠨ ᠢᠶᠠᠷ ᠭᠣᠣᠯ ᠪᠣᠯᠭᠠᠵᠤ ᠪᠠᠢᠨ᠎ᠠ᠃