ᠵᠤᠬᠢᠶᠠᠭᠴᠢ:
ᠴᠠᠭ:2021-07-02
ᠥᠵᠡᠭᠰᠡᠨ : ℃
ᠢᠷᠡᠯᠲᠡ: ᠳᠤᠮᠳᠠᠳᠤ ᠤᠯᠤᠰ ᠤᠨ ᠮᠣᠩᠭᠤᠯ ᠬᠡᠯᠡᠨ ᠦ ᠰᠣᠨᠢᠨ ᠮᠡᠳᠡᠭᠡ ᠶᠢᠨ ᠰᠦᠯᠵᠢᠶ᠎ᠡ
︽ ︾ — ︽7 · 1 ᠤ ᠭᠠᠪᠢᠶᠠᠨ ᠲᠡᠮᠳᠡᠭ︾ ᠢᠶᠡᠷ ·
2021 ᠣᠨ ᠤ 6 ᠳ᠋ᠤᠭᠠᠷ ᠰᠠᠷ᠎ᠠ ᠶᠢᠨ 29 ᠤ ᠡᠳᠦᠷ ᠤᠨ ᠦᠳᠡ ᠶᠢᠨ ᠡᠮᠦᠨ᠎ᠡ᠂ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠬᠦ 《7 · 1 ᠤ ᠭᠠᠪᠢᠶᠠᠨ ᠲᠡᠮᠳᠡᠭ》 ᠤᠯᠭᠤᠬᠤ ᠶᠤᠰᠤᠯᠠᠯ ᠨᠡᠶᠢᠰᠯᠡᠯ ᠪᠡᠭᠡᠵᠢᠩ ᠳᠤ ᠦᠪᠡᠳᠡᠭᠰᠢ ᠶᠡᠭᠡ ᠪᠠᠷ ᠶᠠᠪᠤᠭᠳᠠᠵᠤ᠂ ᠨᠠᠮ ᠤᠨ ᠲᠦᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠭᠦᠯᠡᠭᠴᠢ ᠰᠢ ᠶᠢᠨ ᠫᠢᠡᠭ 《7 · 1 ᠤ ᠭᠠᠪᠢᠶᠠᠨ ᠲᠡᠮᠳᠡᠭ》 ᠬᠦᠷᠳᠡᠭᠴᠢ ᠳᠤ ᠭᠠᠪᠢᠶᠠᠨ ᠲᠡᠮᠳᠡᠭ ᠤᠯᠭᠤᠵᠠᠢ᠃
ᠨᠠᠮ ᠠᠷᠠᠳ ᠲᠦᠮᠡᠨ ᠳᠡᠭᠡᠨ ᠲᠤᠪᠤᠶᠢᠮ᠎ᠡ ᠬᠤᠪᠢ ᠨᠡᠮᠡᠷᠢ ᠦᠵᠡᠭᠦᠯᠵᠦ᠂ ᠡᠷᠬᠢᠮ ᠨᠠᠨᠳᠢᠨ ᠵᠤᠷᠢᠭ ᠰᠠᠨᠠᠭᠠᠨ ᠤ ᠦᠪ ᠬᠦᠷᠦᠩᠭᠡ ᠶᠢ ᠡᠭᠦᠳᠦᠨ ᠪᠦᠲᠦᠭᠡᠭᠰᠡᠨ 29 ᠡᠪ ᠬᠠᠮᠳᠤ ᠨᠠᠮ ᠤᠨ ᠭᠡᠰᠢᠭᠦᠨ ᠢᠷᠠᠭᠤ ᠠᠯᠳᠠᠷᠳᠠᠢ ᠪᠠᠷ 《7·1 ᠤ ᠭᠠᠪᠢᠶᠠᠨ ᠲᠡᠮᠳᠡᠭ》 ᠬᠦᠷᠲᠡᠭᠰᠡᠳ ᠦᠨ ᠲᠤᠲᠤᠷ᠎ᠠ ᠰᠢᠯᠢ ᠶᠢᠨ ᠭᠤᠤᠯ ᠠᠶᠢᠮᠠᠭ ᠤᠨ ᠠᠪᠠᠭ᠎ᠠ ᠬᠤᠰᠢᠭᠤᠨ ᠤ ᠬᠤᠨᠭ᠍ᠭᠤᠷᠭᠤᠤᠯ ᠪᠠᠯᠭᠠᠰᠤᠨ ᠤ ᠰᠠᠷᠠᠭᠤᠯᠲᠤᠶᠠᠭ᠎ᠠ ᠭᠠᠴᠠᠭᠠᠨ ᠤ ᠤᠤᠯ ᠤᠨ ᠨᠠᠮ ᠤᠨ ᠡᠭᠦᠷ ᠤᠨ ᠱᠦᠵᠢ ᠲᠢᠩ·ᠪᠡᠭᠠᠲᠤᠷ ᠪᠠᠶᠢᠯᠴᠠᠪᠠ᠃
《ᠨᠠᠮ ᠤᠨ ᠲᠦᠪ ᠬᠤᠷᠢᠶᠠᠨ ᠤ ᠢᠳᠡᠭᠡᠯ ᠦᠨᠡᠯᠡᠯᠳᠡ ᠳᠤ ᠲᠠᠯᠠᠷᠬᠠᠵᠤ ᠪᠠᠶᠢᠨ᠎ᠠ᠂ ᠡᠨᠡ ᠪᠤᠯ ᠮᠠᠨ ᠤ ᠦᠪᠦᠷ ᠮᠤᠩᠭᠤᠯ ᠤᠨ ᠢᠷᠠᠭᠤ ᠠᠯᠳᠠᠷ᠂ ᠪᠦᠬᠦ ᠤᠷᠤᠨ ᠤ ᠠᠷᠠᠳ ᠤᠯᠠᠨ ᠤ ᠬᠠᠮᠳᠤ ᠶᠢᠨ ᠢᠷᠠᠭᠤ ᠠᠯᠳᠠᠷ ᠶᠤᠮ》 ᠭᠡᠵᠦ ᠮᠦᠨ ᠡᠳᠦᠷ ᠤᠨ ᠦᠳᠡ ᠶᠢᠨ ᠬᠤᠶᠢᠨ᠎ᠠ ᠲᠢᠩ·ᠪᠡᠭᠠᠲᠤᠷ ᠰᠤᠷᠪᠤᠯᠵᠢᠯᠠᠭ᠎ᠠ ᠬᠦᠯᠢᠶᠡᠬᠦ ᠳᠡᠭᠡᠨ ᠶᠠᠷᠢᠯ᠎ᠠ᠃
《ᠪᠢ ᠦᠷᠭᠦᠯᠵᠢᠯᠡᠨ ᠬᠦᠳᠡᠭᠡ ᠨᠤᠲᠤᠭ ᠢᠶᠠᠨ ᠰᠠᠬᠢᠵᠤ ᠰᠠᠶᠢᠨ ᠮᠠᠯᠴᠢᠨ ᠪᠤᠯᠤᠨ᠎ᠠ》 — ᠶᠡᠷᠦᠩᠬᠡᠢ ᠱᠦᠵᠢ ᠰᠢ ᠶᠢᠨ ᠫᠢᠡᠭ ᠲᠢᠩ·ᠪᠡᠭᠠᠳᠤᠷ ᠲᠤ 《7·1 ᠤ ᠭᠠᠪᠢᠶᠠᠨ ᠲᠡᠮᠳᠡᠭ》 ᠤᠯᠭᠤᠬᠤ ᠲᠡᠷᠡᠬᠦ ᠢᠷᠠᠭᠤ ᠠᠯᠳᠠᠷᠲᠤ ᠭᠱᠠᠨ ᠳᠤ ᠲᠡᠷᠡ ᠶᠡᠷᠦᠩᠬᠡᠢ ᠱᠦᠵᠢ ᠳᠤ ᠡᠶᠢᠨ ᠬᠦ ᠦᠪᠡᠷ ᠤᠨ ᠬᠦᠰᠡᠯ ᠵᠤᠷᠢᠭ ᠢᠶᠠᠨ ᠢᠯᠡᠳᠭᠡᠵᠠᠢ᠃
《ᠮᠠᠯᠴᠢᠨ》 ᠭᠡᠳᠡᠭ ᠦᠭᠡ ᠲᠢᠩ·ᠪᠡᠭᠠᠳᠤᠷ ᠤᠨ ᠰᠡᠳᠬᠢᠯ ᠵᠢᠷᠤᠬᠡᠨ ᠳᠤ ᠤᠨᠴᠠ ᠶᠢᠨ ᠪᠠᠶᠢᠷᠢ ᠰᠠᠭᠤᠷᠢ ᠲᠠᠢ᠃
《ᠪᠦᠬᠦ ᠤᠯᠤᠰ ᠤᠨ ᠰᠢᠯᠢᠳᠡᠭ ᠡᠪ ᠬᠠᠮᠳᠤ ᠨᠠᠮ ᠤᠨ ᠭᠡᠰᠢᠭᠦᠨ》 《ᠪᠦᠬᠦ ᠤᠯᠤᠰ ᠤᠨ ᠬᠦᠳᠡᠯᠮᠦᠷᠢ ᠶᠢᠨ ᠵᠢᠱᠢᠶᠡᠴᠢ》 《ᠪᠦᠬᠦ ᠤᠯᠤᠰ ᠤᠨ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠵᠢᠱᠢᠶᠡᠴᠢ ᠬᠤᠪᠢ ᠬᠦᠮᠦᠨ》 《ᠦᠭᠡᠷᠡᠴᠢᠯᠡᠯᠳᠡ ᠶᠢᠨ ᠬᠤᠰᠢᠭᠤᠴᠢ》 ᠠᠴᠠ ᠠᠪᠤᠭᠠᠳ ᠦᠨᠦᠳᠦᠷ ᠤᠨ ᠡᠨᠡ ᠬᠦ ᠨᠠᠮ ᠤᠨ ᠲᠤᠳᠤᠭᠠᠳᠤ ᠳᠠᠬᠢ ᠬᠠᠮᠤᠭ ᠤᠨ ᠲᠡᠭᠡᠳᠤ ᠢᠷᠠᠭᠤ ᠠᠯᠳᠠᠷ ᠪᠤᠯᠬᠤ 《7 · 1 ᠤ ᠭᠠᠪᠢᠶᠠᠨ ᠲᠡᠮᠳᠡᠭ》 ᠤᠨ ᠡᠵᠡᠨ ᠪᠤᠯᠳᠠᠯ᠎ᠠ᠂ ᠬᠦᠳᠡᠭᠡ ᠨᠤᠲᠤᠭ ᠦᠨᠳᠤᠰᠤᠨ ᠱᠠᠲᠤᠨ ᠳᠤ 50 ᠰᠢᠬᠠᠮ ᠵᠢᠯ ᠠᠵᠢᠯᠯᠠᠵᠤ ᠠᠮᠢᠳᠤᠷᠠᠬᠤ ᠳᠠᠭᠠᠨ ᠲᠢᠩ · ᠪᠡᠭᠠᠳᠤᠷ ᠮᠤᠩ ᠦᠭᠡᠢ ᠤᠯᠠᠨ ᠢᠷᠠᠭᠤ ᠠᠯᠳᠠᠷ ᠢᠶᠠᠷ ᠡᠩᠭᠡᠷ ᠢᠶᠠᠨ ᠮᠢᠯᠢᠶᠡᠯᠭᠠᠭᠰᠠᠨ ᠪᠢᠯᠡ᠃ ᠭᠡᠪᠡᠴᠤ ᠤᠳᠠᠭ᠎ᠠ ᠪᠦᠷᠢ ᠰᠤᠷᠪᠤᠯᠵᠢᠯᠠᠭ᠎ᠠ ᠬᠦᠯᠢᠶᠡᠬᠦ ᠳᠡᠭᠡᠨ ᠲᠡᠷᠡ᠂ ᠪᠢ ᠪᠤᠯ ᠨᠢᠭᠡᠨ ᠡᠬᠡᠯ ᠵᠢᠷ ᠤᠨ ᠮᠠᠯᠴᠢᠨ᠂ ᠡᠳᠡᠭᠡᠷ ᠪᠤᠯ ᠴᠦᠮ ᠮᠠᠯᠴᠢᠨ ᠮᠢᠨᠤ ᠵᠢᠷᠭᠠᠯ ᠶᠤᠮ ᠡ ᠭᠡᠵᠦ ᠶᠠᠷᠢᠵᠤ ᠯᠡ ᠪᠠᠶᠢᠳᠠᠭ᠃
《ᠵᠠᠩᠵᠤᠨ ᠤ ᠬᠦᠦ》 ᠠᠴᠠ 《ᠮᠠᠯᠴᠢᠨ ᠪᠡᠭᠠᠳᠤᠷ》 ᠪᠤᠯᠳᠠᠯ᠎ᠠ ᠪᠠᠨ ᠲᠡᠷᠡ ᠡᠨᠡ ᠶᠠᠪᠤᠭ᠎ᠠ ᠨᠠᠰᠤᠨ ᠤ ᠪᠠᠨ ᠬᠦᠰᠡᠯ ᠲᠡᠮᠠᠦᠯᠥᠯ ᠡᠷᠢᠯ ᠬᠦᠭᠡᠭᠡᠴᠡᠯᠳᠦᠯ ᠢᠶᠠᠨ ᠬᠦᠳᠡᠭᠡ ᠨᠤᠲᠤᠭ ᠲᠠᠢ ᠪᠠᠳᠤ ᠬᠤᠯᠪᠤᠵᠤ᠂ ᠮᠠᠯᠴᠢᠨ ᠲᠦᠮᠡᠨ ᠤ ᠪᠠᠨ ᠬᠠᠮᠤᠭ ᠤᠨ ᠢᠳᠡᠭᠡᠯᠳᠡᠢ ᠲᠠᠭᠠᠭᠤᠯᠤᠭᠴᠢ ᠪᠤᠯᠵᠠᠢ᠃
《ᠲᠠᠯ᠎ᠠ ᠨᠤᠲᠤᠭ ᠤᠨ ᠢᠶᠠᠨ ᠠᠮᠢ ᠠᠬᠤᠢ ᠶᠢ ᠬᠠᠮᠠᠭᠠᠯᠠᠵᠤ᠂ ᠰᠠᠭᠤᠷᠢ ᠪᠠᠨ ᠢᠵᠢ ᠪᠦᠷᠢᠨ ᠪᠤᠯᠭᠠᠴᠢᠬᠠᠪᠠᠯ ᠪᠢᠳᠡᠨ ᠤ ᠠᠮᠢᠳᠤᠷᠠᠯ ᠴᠢᠨᠢ ᠶᠤᠰᠤᠳᠠᠢ︿ᠢᠵᠠᠭᠤᠷᠳᠠᠨ ᠤ ᠠᠮᠢᠳᠤᠷᠠᠯ﹀ᠯᠡ ᠭᠡᠵᠦ ᠮᠡᠳᠡ》᠃ ᠲᠢᠩ · ᠪᠡᠭᠠᠳᠤᠷ ᠤᠨ ᠦᠵᠡᠬᠦ ᠪᠠᠷ ᠬᠦᠳᠡᠭᠡ ᠶᠢᠨ ᠰᠤᠷᠭᠤᠭ ᠠᠭᠠᠷ ᠢ ᠴᠡᠭᠡᠵᠢ ᠪᠠᠨ ᠤᠡᠭᠭᠤᠢᠢᠳᠠᠯᠠ ᠠᠮᠢᠰᠬᠤᠯᠯᠠᠨ᠂ ᠴᠡᠮᠴᠡᠭᠡᠷ ᠲᠤᠬᠢᠳᠠᠢ ᠪᠠᠶᠢᠰᠢᠩ ᠳᠠᠭᠠᠨ ᠲᠡᠨᠢᠭᠦᠨ ᠲᠣᠬᠢᠲᠠᠢ ᠠᠵᠤ ᠲᠦᠷᠦᠬᠦ ᠭᠡᠭᠴᠢ ᠪᠤᠷᠤᠭᠵᠢᠭᠤᠨ ᠠᠳᠠᠯ᠎ᠠ ᠬᠠᠮᠤᠭ ᠤᠨ ᠵᠢᠷᠭᠠᠯᠳᠠᠢ ᠠᠮᠢᠳᠤᠷᠠᠯ ᠶᠤᠮ ᠭᠡᠨ᠎ᠡ᠃
ᠡᠨᠡ ᠮᠡᠳᠤ ᠨᠢᠭᠡ ᠯᠡ ᠮᠡᠳᠡᠬᠦ ᠳᠤ ᠶᠡᠭᠡ ᠬᠤᠳᠠ ᠶᠢᠨ ᠰᠡᠭᠡᠭᠡᠳᠡᠨ ᠵᠠᠯᠠᠭᠤ ᠬᠦᠳᠡᠭᠡ ᠨᠤᠲᠤᠭ ᠲᠤ ᠦᠨᠳᠦᠰᠤ ᠬᠠᠳᠬᠤᠨ ᠠᠵᠤ ᠲᠦᠷᠦᠭᠡᠳ᠂ ᠡᠭᠡᠯ ᠵᠢᠷ ᠤᠨ ᠮᠠᠯᠴᠢᠨ ᠠᠴᠠ ᠪᠠᠨ 《7 · 1 ᠤ ᠭᠠᠪᠢᠶᠠᠨ ᠲᠡᠮᠳᠡᠭ》 ᠢ ᠬᠦᠷᠳᠡᠬᠦ ᠪᠤᠯᠳᠠᠯ᠎ᠠ ᠪᠠᠨ ᠬᠦᠳᠡᠭᠡ ᠨᠤᠲᠤᠭ ᠲᠠᠭᠠᠨ 50 ᠰᠢᠬᠠᠮ ᠵᠢᠯ ᠤᠢᠢᠭ᠎ᠠ ᠦᠭᠡᠢ ᠬᠦᠳᠡᠯᠮᠦᠷᠢᠯᠡᠵᠦ ᠵᠤᠭᠰᠤᠭ᠎ᠠ ᠦᠭᠡᠢ ᠵᠢᠳᠬᠦᠵᠠᠢ ᠁
ᠲᠡᠭᠡᠷ᠎ᠡ ᠵᠠᠭᠤᠨ ᠤ ᠳᠠᠯᠠᠭᠠᠳ ᠤᠨ ᠳᠤ᠂ ᠲᠢᠩ · ᠪᠡᠭᠠᠳᠤᠷ ᠬᠦᠬᠡᠬᠤᠳᠠ ᠠᠴᠠ ᠠᠪᠠᠭ᠎ᠠ ᠬᠤᠰᠢᠭᠤᠨ ᠤ ᠬᠤᠨᠭ᠍ᠭᠤᠷᠭᠤᠤᠯ ᠪᠠᠯᠭᠠᠰᠤᠨ ᠤ ᠰᠠᠷᠠᠭᠤᠯᠳᠤᠶᠠᠭ᠎ᠠ ᠭᠠᠴᠠᠭᠠᠨ ᠳᠤ ᠰᠡᠭᠡᠭᠡᠳᠡᠨ ᠢᠶᠠᠷ ᠪᠠᠭᠤᠵᠠᠢ᠃ ᠲᠤᠬᠠᠢ ᠶᠢᠨ ᠦᠶ᠎ᠡ ᠳᠤ ᠮᠠᠯᠴᠢᠳ ᠲᠠᠢ ᠬᠡᠯᠡ ᠨᠡᠪᠲᠡᠷᠡᠯᠴᠡᠵᠦ ᠤᠢᠢᠯᠠᠭᠠᠯᠴᠠᠬᠤ᠂ ᠬᠦᠳᠡᠭᠡ ᠶᠢᠨ ᠠᠮᠢᠳᠤᠷᠠᠯ ᠳᠤ ᠳᠠᠳᠴᠤ ᠮᠠᠯᠵᠢᠬᠤ ᠦᠢᠯᠡᠳᠪᠦᠷᠢᠯᠡᠯ ᠳᠤ ᠤᠷᠤᠯᠴᠠᠬᠤ ᠵᠡᠷᠭᠡ ᠨᠢ ᠠᠩᠬ᠎ᠠ ᠡᠬᠢᠨ ᠳᠡᠭᠡᠨ ᠬᠤᠳᠠ ᠶᠢᠨ ᠵᠠᠯᠠᠭᠤ ᠲᠢᠩ · ᠪᠡᠭᠠᠲᠤᠷ ᠲᠤ ᠠᠪᠴᠤ ᠬᠡᠯᠡᠪᠡᠯ ᠲᠡᠭᠷᠢ ᠳᠤ ᠭᠠᠷᠬᠤ ᠠᠴᠠ ᠴᠤ ᠪᠡᠷᠬᠡ ᠰᠠᠨᠠᠭᠳᠠᠵᠤ ᠪᠠᠶᠢᠬᠰᠠᠨ ᠴᠤ ᠰᠢᠳᠤ ᠵᠠᠭᠤᠨ ᠴᠢᠷᠮᠠᠶᠢᠬᠰᠠᠨ ᠤ ᠡᠴᠤᠰ ᠲᠤ ᠬᠤᠶᠠᠷᠬᠠᠨ ᠵᠢᠯ ᠤᠨ ᠬᠤᠭᠤᠴᠠᠭᠠᠨ ᠳᠤ ᠲᠡᠷᠡ ᠮᠤᠩᠭᠤᠯ ᠬᠡᠯᠡ ᠳᠤ ᠴᠠᠭᠠᠷᠠᠵᠤ᠂ ᠲᠦᠯ ᠲᠤᠰᠬᠤ᠂ ᠡᠪᠡᠰᠤ ᠬᠠᠳᠤᠬᠤ᠂ ᠡᠮᠨᠢᠭ ᠵᠠᠶᠢᠳᠠᠯᠠᠨ ᠠᠳᠤᠭᠤ ᠬᠠᠷᠢᠭᠤᠯᠬᠤ ᠪᠦᠬᠦ ᠠᠵᠢᠯ ᠳᠤ ᠭᠠᠷᠰᠢᠵᠤ ᠵᠢᠪ ᠵᠢᠩᠭᠢᠨᠢ ᠮᠠᠯᠴᠢᠨ ᠵᠠᠯᠠᠭᠤ ᠪᠤᠯᠵᠠᠢ᠃ ᠲᠤᠬᠠᠢ ᠶᠢᠨ ᠦᠶ᠎ᠡ ᠳᠤ ᠭᠠᠴᠠᠭᠠᠨ ᠠᠴᠠ ᠡᠷᠬᠢᠯᠡᠵᠦ ᠪᠠᠶᠢᠬᠰᠠᠨ ᠰᠦ ᠰᠠᠭᠠᠯᠢ ᠶᠢᠨ ᠦᠢᠯᠡᠳᠪᠦᠷᠢ ᠨᠢ ᠠᠰᠢᠬ ᠤᠷᠤᠯᠭ᠎ᠠ ᠲᠠᠭᠠᠷᠠᠤᠬᠠᠨ ᠪᠠᠶᠢᠭᠰᠠᠨ ᠢ ᠲᠢᠩ · ᠪᠡᠭᠠᠲᠤᠷ ᠵᠤᠷᠢᠬᠲᠠᠢ ᠪᠠᠷ ᠡᠵᠡᠩᠨᠡᠯᠳᠡ ᠬᠢᠵᠦ᠂ ᠵᠢᠯ ᠭᠠᠷᠦ᠋ᠢᠬᠠᠨ ᠤ ᠬᠤᠭᠤᠴᠠᠭᠠᠨ ᠳᠤ 5 ᠲᠦᠮᠡ ᠰᠢᠬᠠᠮ ᠲᠦᠭᠦᠷᠢᠭ ᠤᠨ ᠤᠷᠤᠯᠭ᠎ᠠ ᠲᠠᠢ ᠪᠤᠯᠭᠠᠭᠰᠠᠨ ᠶᠠᠪᠤᠳᠠᠯ ᠨᠢ ᠨᠡᠩ ᠴᠤ ᠮᠠᠯᠴᠢᠳ ᠤᠨ ᠬᠦᠷᠢᠶᠡᠯᠡᠯ ᠢ ᠤᠯᠵᠦ᠂ ᠮᠠᠯᠴᠢᠨ ᠲᠦᠮᠡᠨ ᠠᠭᠠᠵᠢᠮ ᠢᠶᠠᠷ ᠡᠨᠡ ᠬᠦ ᠬᠤᠳᠠ ᠠᠴᠠ ᠢᠷᠡᠭᠰᠡᠨ ᠵᠠᠯᠠᠭᠤ ᠳᠤ ᠡᠭᠡᠯᠢᠳᠡᠢ ᠪᠤᠯᠪᠠ᠃
1976 ᠤᠨ ᠳᠤ᠂ ᠲᠢᠩ · ᠪᠠᠭᠠᠲᠤᠷ ᠤᠨ ᠠᠪᠤ ᠲᠢᠩ ᠮᠤᠤ ᠵᠠᠩᠵᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠬᠤᠶᠠᠳᠤᠭᠠᠷ ᠱᠦᠵᠢ ᠶᠢᠨ ᠲᠤᠰᠢᠶᠠᠯ ᠢ ᠬᠠᠷᠢᠭᠤᠴᠠᠵᠤ ᠪᠠᠶᠢᠪᠠ᠃ ᠲᠡᠷᠡ ᠮᠦᠷᠳᠡᠭᠡᠨ ᠬᠦᠳᠡᠭᠡ ᠪᠠᠭᠤᠭᠰᠠᠨ ᠰᠡᠭᠡᠭᠡᠳᠡᠳ ᠬᠤᠳᠠ ᠳᠠᠭᠠᠨ ᠪᠤᠴᠠᠬᠤ ᠲᠦᠷᠦ ᠶᠢᠨ ᠪᠤᠳᠤᠯᠭ᠎ᠠ ᠴᠤ ᠵᠠᠯᠭᠠᠭ᠎ᠠ ᠪᠠᠷ ᠭᠠᠷᠴᠤ᠂ ᠪᠦᠯᠦᠭ ᠪᠦᠯᠦᠭ ᠰᠡᠭᠡᠭᠡᠳᠡᠳ ᠨᠤᠲᠤᠭ ᠪᠤᠴᠠᠵᠠᠢ᠃ ᠭᠡᠳᠡᠯ᠎ᠠ ᠵᠠᠩᠵᠤᠨ ᠤ ᠬᠦᠦ ᠲᠢᠩ · ᠪᠡᠭᠠᠲᠤᠷ ᠬᠠᠷᠢᠨ ᠦᠷᠭᠦᠯᠵᠢᠯᠡᠨ ᠬᠦᠳᠡᠭᠡ ᠨᠤᠲᠤᠭ ᠲᠤ ᠰᠠᠭᠤᠷᠢᠰᠢᠵᠤ᠂ ᠬᠦᠳᠡᠭᠡ ᠨᠤᠲᠤᠭ ᠤᠨ ᠬᠤᠴᠤᠷᠤᠩᠭᠤᠢ ᠲᠦᠷᠰᠤ ᠪᠠᠶᠢᠳᠠᠯ ᠢ ᠦᠭᠡᠷᠡᠴᠢᠯᠡᠬᠦ᠂ ᠮᠠᠯᠴᠢᠳ ᠢᠶᠠᠨ ᠲᠠᠭᠠᠭᠤᠯᠤᠨ ᠪᠠᠶᠠᠵᠢᠨ ᠴᠢᠨᠡᠭᠡᠯᠢᠭᠵᠢᠭᠦ᠂ ᠨᠤᠲᠤᠭ ᠤᠷᠤᠨ ᠤ ᠪᠠᠨ ᠠᠮᠢ ᠠᠬᠤᠢ ᠶᠢ ᠰᠠᠶᠢᠵᠢᠷᠠᠭᠤᠯᠬᠤ ᠠᠮᠢᠳᠤᠷᠠᠯ ᠤᠨ ᠰᠢᠨ᠎ᠡ ᠠᠶᠠᠨ ᠢᠶᠠᠨ ᠡᠯᠭᠦᠭᠰᠡᠨ ᠨᠢ ᠤᠯᠠᠨ ᠤ ᠰᠠᠨᠠᠭᠠᠨ ᠠᠴᠠ ᠭᠠᠲᠠᠭᠤᠷ ᠶᠠᠪᠤᠲᠠᠯ ᠪᠠᠶᠢᠯ᠎ᠠ᠃
1983 ᠤᠨ ᠠᠴᠠ ᠂ ᠮᠠᠯᠵᠢᠬᠤ ᠤᠷᠤᠨ ᠳᠤ ᠨᠤᠲᠤᠭ ᠪᠡᠯᠴᠢᠭᠡᠷ ᠮᠠᠯ ᠤᠨᠤᠭ᠎ᠠ ᠶᠢ ᠡᠷᠦᠬᠡ ᠳᠤ ᠲᠠᠭᠠᠭᠠᠴᠢᠯᠠᠭᠤᠯᠬᠤ ᠬᠤᠤᠰ ᠲᠠᠭᠠᠭᠠᠴᠢᠯᠠᠯᠳᠠ ᠶᠢᠨ ᠲᠦᠷᠢᠮ ᠬᠡᠷᠡᠭᠵᠢᠭᠦᠯᠦᠭᠳᠡᠬᠦ ᠶᠢ ᠲᠠᠭᠠᠯᠳᠤᠨ ᠮᠠᠯᠴᠢᠳ ᠤᠨ ᠦᠢᠯᠡᠳᠪᠦᠷᠢᠯᠡᠯ ᠤᠨ ᠢᠳᠡᠪᠬᠢᠵᠢᠯ ᠶᠡᠭᠡ ᠪᠠᠷ ᠲᠠᠶᠢᠴᠢᠯᠠᠭᠳᠠᠭᠰᠠᠨ ᠴᠤ ᠲᠤᠷᠰᠢᠯᠭ᠎ᠠ ᠮᠡᠬᠦᠰ᠂ ᠦᠢᠯᠡᠳᠪᠦᠷᠢᠯᠡᠯ ᠤᠨ ᠬᠦᠴᠤᠨ ᠪᠠᠷᠤᠭᠲᠠᠢ ᠠᠴᠠ ᠪᠤᠯᠵᠤ᠂ ᠰᠤᠬᠤᠷ ᠪᠠᠯᠠᠢ ᠪᠠᠷ ᠦᠢᠯᠠᠳᠪᠦᠷᠢᠯᠡᠯ ᠢᠶᠠᠨ ᠦᠷᠭᠡᠳᠭᠡᠭᠰᠡᠨ ᠠᠴᠠ ᠰᠡᠭᠦᠯ ᠤᠨ ᠬᠡᠳᠤᠨ ᠵᠢᠯ ᠳᠤ ᠠᠮᠢ ᠠᠬᠤᠢ ᠶᠢᠨ ᠡᠪᠳᠡᠭᠳᠡᠯ ᠰᠦᠢᠳᠤᠯ ᠨᠡᠯᠢᠶᠡᠳ ᠬᠦᠨᠳᠤ ᠨᠤᠴᠢᠲᠠᠢ ᠪᠤᠯᠵᠤ ᠢᠷᠡᠪᠡ᠃
ᠲᠠᠯ᠎ᠠ ᠨᠤᠲᠤᠭ ᠤᠨ ᠠᠮᠢ ᠠᠬᠤᠢ ᠶᠢ ᠰᠡᠷᠭᠦᠭᠡᠬᠦ ᠶᠢᠨ ᠲᠦᠯᠦᠭᠡ᠂ 1986 ᠤᠨ ᠳᠤ ᠲᠢᠩ · ᠪᠡᠭᠠᠲᠤᠷ ᠦᠪᠡᠷ ᠤᠨ ᠪᠡᠶ᠎ᠡ ᠪᠠᠷ ᠢᠶᠠᠨ ᠲᠠᠭᠤᠷᠢᠶᠠᠯ ᠦᠵᠡᠭᠦᠯᠦᠨ᠂ 60 ᠭᠠᠷᠤᠢ ᠬᠤᠨᠢ ᠪᠠᠨ ᠪᠦᠬᠦᠨ ᠢ ᠬᠤᠳᠠᠯᠳᠤᠵᠤ᠂ 300 ᠭᠠᠷᠤᠢ ᠮᠦ ᠬᠠᠳᠤᠯᠠᠩ ᠪᠡᠯᠴᠢᠭᠡᠷ ᠢᠶᠠᠨ ᠲᠤᠤᠷᠯᠠᠨ ᠬᠦᠷᠢᠶᠡᠯᠡᠵᠡᠢ᠃ ᠲᠤᠬᠠᠢ ᠶᠢᠨ ᠵᠢᠯ ᠤᠨ ᠨᠠᠷᠢᠨ ᠲᠠᠩᠰᠠ ᠶᠢ ᠦᠨᠳᠦᠰᠦᠯᠡᠪᠡᠯ᠂ ᠲᠢᠩ · ᠪᠡᠭᠠᠲᠤᠷ ᠤᠨ ᠲᠤᠤᠷᠯᠠᠨ ᠬᠦᠷᠢᠶᠡᠯᠡᠭᠰᠡᠨ 300 ᠮᠦ ᠬᠠᠳᠤᠯᠠᠩ ᠠᠴᠠ 9 ᠮᠤᠷᠢᠨ ᠲᠡᠷᠭᠡ ᠡᠪᠡᠰᠤ ᠬᠠᠳᠤᠵᠤ ᠬᠤᠷᠢᠶᠠᠨ᠂ ᠡᠨᠡ ᠨᠢ ᠪᠤᠰᠤᠳ ᠬᠦᠷᠢᠶᠡᠯᠡᠭᠰᠡᠨ ᠦᠭᠡᠢ ᠬᠦᠮᠦᠰ ᠤᠨ 1000 ᠮᠦ ᠬᠠᠳᠤᠯᠠᠩ ᠪᠡᠯᠴᠢᠭᠡᠷ ᠠᠴᠠ ᠬᠤᠷᠢᠶᠠᠬᠰᠠᠨ ᠡᠪᠡᠰᠤ ᠲᠠᠢ ᠲᠠᠩᠴᠡᠵᠦ᠂ ᠪᠠᠰᠠ ᠡᠪᠡᠰᠤ ᠪᠤᠷᠳᠤᠭ᠎ᠠ ᠬᠤᠷᠢᠶᠠᠯᠳᠠ ᠰᠠᠶᠢᠨ ᠪᠤᠯᠬᠤᠷ ᠲᠡᠳᠡᠨ ᠤ ᠨᠢᠭᠡ ᠦᠭᠡᠷ ᠬᠤᠳᠠᠯᠳᠤᠭᠰᠠᠨ ᠤᠷᠤᠯᠭ᠎ᠠ ᠨᠢ ᠪᠤᠰᠤᠳ ᠡᠷᠦᠬᠡ ᠶᠢᠨ ᠬᠤᠶᠠᠷ ᠦᠭᠡᠷ ᠠᠴᠠ ᠢᠯᠡᠭᠦᠦ ᠤᠷᠤᠯᠭ᠎ᠠ ᠲᠠᠢ ᠪᠠᠶᠢᠯ᠎ᠠ᠃ ᠡᠨᠡ ᠬᠦ ᠢᠯᠡ ᠲᠤᠲᠤ ᠬᠠᠷᠢᠴᠠᠭᠤᠯᠤᠯ ᠨᠢ ᠮᠠᠯᠴᠢᠳ ᠲᠤ ᠶᠠᠭᠤ ᠨᠢᠭᠡ ᠶᠢ ᠲᠠᠨᠢᠭᠤᠯᠵᠤ᠂ ᠰᠠᠷᠠᠭᠤᠯᠳᠤᠶᠠᠭ᠎ᠠ ᠭᠠᠴᠠᠭ᠎ᠠ ᠨᠢ ᠪᠦᠬᠦ ᠠᠶᠢᠮᠠᠭ ᠲᠠᠭᠠᠨ ᠬᠠᠮᠤᠭ ᠲᠦᠷᠦᠭᠦᠨ ᠳᠤ ᠪᠡᠯᠴᠢᠭᠡᠷ ᠰᠡᠯᠭᠦᠨ ᠮᠠᠯᠵᠢᠬᠤ᠂ ᠮᠠᠯᠵᠢᠬᠤ ᠪᠠᠨ ᠵᠤᠭᠰᠤᠵᠤ ᠨᠤᠳᠤᠭ ᠪᠡᠯᠴᠢᠭᠡᠷ ᠢᠶᠠᠨ ᠰᠡᠷᠭᠦᠭᠡᠬᠦ ᠠᠵᠢᠯ ᠢ ᠬᠢᠭᠰᠡᠨ ᠭᠠᠵᠠᠷ ᠤᠷᠤᠨ ᠪᠤᠯᠵᠤ᠂ ᠠᠮᠢ ᠠᠬᠤᠢ ᠶᠢᠨ ᠰᠡᠷᠭᠦᠯᠳᠡ ᠢᠯᠡᠳᠳᠡ ᠰᠠᠶᠢᠵᠢᠷᠠᠪᠠ᠃
ᠲᠢᠩ · ᠪᠡᠭᠠᠲᠤᠷ ᠪᠠᠰᠠ ᠠᠮᠢ ᠠᠬᠤᠢ ᠶᠢᠨ ᠰᠡᠷᠭᠦᠯᠳᠡ ᠶᠢ ᠰᠠᠶᠢᠵᠢᠷᠠᠭᠤᠯᠵᠤ ᠴᠢᠳᠠᠬᠤ ᠮᠦᠷᠳᠡᠭᠡᠨ ᠮᠠᠯᠴᠢᠳ ᠤᠨ ᠤᠷᠤᠯᠭ᠎ᠠ ᠶᠢ ᠨᠡᠮᠡᠭᠳᠡᠭᠦᠯᠬᠦ ᠠᠯᠢ ᠤᠯᠠᠨ ᠠᠷᠭ᠎ᠠ ᠬᠡᠮᠵᠢᠶ᠎ᠡ ᠶᠢ ᠲᠤᠷᠰᠢᠨ ᠬᠢᠪᠡ᠃ ᠡᠭᠦᠨ ᠤ ᠲᠠᠷᠠᠭ᠎ᠠ ᠪᠠᠷ ᠲᠡᠷᠡ ᠦᠢᠯᠡᠳᠦᠯᠭᠡ ᠶᠢᠨ ᠲᠤᠮᠳᠠ ᠠᠴᠠ ᠳ᠋ᠦᠡᠭᠨᠡᠨ ᠭᠠᠷᠭᠠᠭᠰᠠᠨ 《ᠲᠤᠭᠤᠷᠠᠢ ᠶᠢᠨ ᠤᠨᠤᠯ》 ᠢᠶᠠᠨ ᠲᠤᠷᠠᠳᠴᠠᠢ᠂ ᠲᠤᠬᠠᠢᠢᠯᠠᠪᠠᠯ᠄ 1 ᠦᠭᠡᠷ ᠬᠢᠭᠡᠳ 5 ᠬᠤᠨᠢᠨ ᠠᠴᠠ ᠬᠦᠷᠳᠡᠬᠦ ᠠᠵᠤ ᠠᠬᠤᠢ ᠶᠢᠨ ᠦᠷ᠎ᠡ ᠠᠰᠢᠬ ᠪᠠᠷᠤᠭ ᠲᠡᠩᠴᠡᠨ᠎ᠡ᠂ ᠭᠡᠪᠡᠴᠤ 1 ᠦᠬᠡᠷ ᠤᠨ ᠠᠮᠢ ᠠᠬᠤᠢ ᠳᠤ ᠠᠪᠴᠢᠷᠠᠬᠤ ᠬᠤᠬᠢᠷᠠᠯ ᠰᠦᠢᠲᠤᠯ ᠨᠢ 5 ᠬᠤᠨᠢᠨ ᠠᠴᠠ ᠬᠤᠯᠠ ᠪᠠᠭ᠎ᠠ ᠪᠠᠶᠢᠳᠠᠭ ᠪᠦᠭᠡᠳ ᠠᠷᠠᠴᠢᠯᠠᠭ᠎ᠠ ᠶᠢᠨ ᠲᠠᠯ᠎ᠠ ᠪᠠᠷ ᠬᠢ ᠤᠷᠤᠭᠤᠯᠤᠯᠳᠠ ᠨᠢ ᠬᠠᠷᠢᠴᠠᠩᠭᠤᠢ ᠪᠠᠭ᠎ᠠ ᠪᠠᠶᠢᠬᠤ ᠶᠠᠪᠤᠳᠠᠯ ᠪᠤᠯᠤᠨ᠎ᠠ᠃
ᠤᠳᠤ ᠪᠤᠯᠬᠤ ᠳᠤ᠂ ᠲᠢᠩ · ᠪᠡᠭᠠᠳᠤᠷ 30 ᠭᠠᠷᠤᠢ ᠵᠢᠯ ᠤᠨ ᠠᠮᠢᠳᠤᠷᠠᠯ ᠦᠢᠯᠡᠳᠦᠯᠭᠡ ᠶᠢᠨ ᠲᠠᠪᠳᠠᠯᠳᠠ ᠲᠤᠮᠳᠠ ᠠᠴᠠ ᠪᠠᠨ ᠠᠵᠤ ᠠᠬᠤᠢ ᠠᠮᠢ ᠠᠬᠤᠢ ᠶᠢᠨ ᠲᠠᠩᠴᠡᠭᠦᠷᠢᠰᠢᠯ ᠤᠨ ᠵᠠᠮ ᠢ ᠨᠢᠭᠡᠨᠳᠡ ᠬᠠᠶᠢᠨ ᠤᠯᠪᠠ᠃ ᠲᠡᠳᠡᠨ ᠤ ᠬᠢᠨ ᠤ ᠨᠤᠲᠤᠭ ᠪᠡᠯᠴᠢᠭᠡᠷ ᠤᠨ ᠠᠮᠢ ᠠᠬᠤᠢ ᠶᠢᠨ ᠬᠠᠮᠠᠭᠠᠯᠠᠯᠳᠠ ᠪᠦᠬᠦ ᠰᠢᠯᠢ ᠶᠢᠨ ᠭᠤᠤᠯ ᠳᠤ ᠬᠠᠮᠤᠭ ᠰᠠᠶᠢᠨ ᠂ ᠮᠠᠯᠵᠢᠵᠤ ᠪᠠᠶᠢᠭ᠎ᠠ ᠦᠭᠡᠷ ᠤᠨ ᠡᠭᠦᠯᠳᠡᠷ ᠨᠢ ᠴᠤ ᠰᠢᠯᠢᠳᠡᠭ ᠲᠡᠰ ᠪᠤᠯᠵᠠᠢ᠃ ᠡᠶᠢᠮᠤ ᠰᠠᠶᠢᠨ ᠪᠡᠯᠴᠢᠭᠡᠷ᠂ ᠡᠶᠢᠮᠤ ᠰᠠᠶᠢᠬᠠᠨ ᠨᠤᠲᠤᠭ ᠲᠡᠭᠡᠷ᠎ᠡ ᠵᠦᠪᠬᠡᠨ 50 ᠰᠠᠶᠢᠨ ᠡᠭᠦᠯᠳᠡᠷ ᠤᠨ ᠦᠭᠡᠷ ᠮᠠᠯᠵᠢᠬᠤ ᠳᠤ ᠲᠡᠳᠡᠨ ᠤ ᠵᠢᠯ ᠤᠨ ᠤᠷᠤᠯᠭ᠎ᠠ 50 ᠲᠦᠮᠡᠨ ᠲᠦᠭᠦᠷᠢᠭ ᠢ ᠰᠡᠬᠡᠭᠦᠨ ᠲᠠᠪᠠᠴᠢᠬᠠᠨᠠ᠃ ᠢᠡᠭᠭᠢᠬᠦ ᠳᠤ ᠲᠡᠷᠡ᠄ 《ᠪᠢᠳᠡ ᠠᠩᠬᠠᠨ ᠠᠴᠠ ᠪᠠᠨ ᠠᠪᠤᠭᠠᠳ ᠡᠶᠢᠮᠤ ᠯᠡ ᠠᠮᠢᠳᠤᠷᠠᠯ ᠢ ᠮᠥᠷᠦᠭᠡᠳᠴᠦ ᠪᠠᠶᠢᠭᠰᠠᠨ ᠪᠢᠰᠢᠤ︖》 ᠭᠡᠳᠡᠭ᠃
ᠪᠦᠬᠦ ᠤᠯᠤᠰ ᠤᠨ ᠬᠦᠳᠡᠯᠮᠦᠷᠢ ᠶᠢᠨ ᠵᠢᠱᠢᠶᠡᠴᠢ ᠠᠴᠠ ᠦᠨᠦᠳᠦᠷ ᠤᠨ ᠡᠨᠡ ᠬᠦ 《7 · 1 ᠤ ᠭᠠᠪᠢᠶᠠᠨ ᠲᠡᠮᠳᠡᠭ》 ᠬᠦᠷᠳᠡᠬᠦ ᠪᠤᠯᠳᠠᠯᠠᠬᠢ ᠡᠳᠡᠭᠡᠷ ᠵᠢᠯ ᠤᠨ ᠲᠤᠷᠰᠢ᠂ ᠲᠢᠩ · ᠪᠡᠭᠠᠲᠤᠷ ᠨᠢᠭᠡᠨᠳᠡ ᠬᠦᠳᠡᠭᠡ ᠶᠢᠨ ᠮᠠᠯᠴᠢᠳ ᠤᠨ ᠲᠦᠷᠢ ᠲᠦᠷᠬᠦ ᠶᠢᠨ ᠡᠯᠴᠢ᠂ ᠪᠠᠶᠠᠵᠢᠯ ᠤᠨ ᠰᠠᠶᠢᠨ ᠲᠠᠭᠠᠭᠤᠯᠤᠭᠴᠢ ᠪᠤᠯᠵᠠᠢ᠃ ᠠᠪᠠᠭ᠎ᠠ ᠬᠤᠰᠢᠭᠤᠨ ᠤ ᠵᠠᠯᠠᠭᠤ ᠨᠢᠭᠡ ᠦᠶ᠎ᠡ ᠶᠢᠨ ᠦᠬᠡᠷ ᠮᠠᠯᠵᠢᠭᠰᠠᠨ ᠰᠠᠶᠢᠨ ᠮᠠᠯᠴᠢᠨ ᠲᠠᠪᠬᠤᠷᠪᠠᠶᠠᠷ ᠪᠤᠯ ᠲᠠᠷᠤᠢ ᠲᠢᠩ · ᠪᠡᠭᠠᠳᠤᠷ ᠤᠨ ᠭᠠᠷ ᠤᠨ ᠱᠠᠪᠢ ᠶᠢᠨ ᠨᠢᠭᠡ ᠪᠢᠯᠡ᠃ 7 ᠵᠢᠯ ᠤᠨ ᠡᠮᠦᠨ᠎ᠡ᠂ ᠲᠠᠪᠬᠤᠷᠪᠠᠶᠠᠷ ᠤᠨ ᠬᠢᠨ 1000 ᠭᠠᠷᠤᠢ ᠬᠤᠨᠢ ᠪᠠᠨ ᠪᠦᠬᠦᠨ ᠢ ᠬᠤᠳᠠᠯᠳᠤᠭᠠᠳ 60 ᠦᠭᠡᠷ ᠠᠪᠴᠤ ᠮᠠᠯᠵᠢᠯ ᠤᠨ ᠪᠦᠲᠦᠴᠡ ᠪᠠᠨ ᠦᠭᠡᠷᠡᠴᠢᠯᠡᠵᠠᠢ᠃ ᠲᠡᠷᠡ ᠬᠡᠯᠡᠬᠦ ᠳᠡᠭᠡᠨ᠂ ᠡᠨᠡ ᠬᠦ ᠦᠭᠡᠷᠡᠴᠢᠯᠡᠯᠳᠡ ᠨᠢ ᠲᠢᠩ · ᠪᠡᠭᠠᠳᠤᠷ ᠤᠨ ᠮᠠᠯᠵᠢᠯ ᠤᠨ ᠠᠷᠭ᠎ᠠ ᠲᠤᠷᠰᠢᠯᠭ᠎ᠠ ᠬᠢᠭᠡᠳ ᠨᠠᠷᠢᠨ ᠲᠤᠭᠠᠴᠠᠯᠠᠯᠳᠠ ᠠᠴᠠ ᠰᠠᠨᠠᠭ᠎ᠠ ᠵᠤᠷᠢᠭ ᠠᠪᠤᠭᠰᠠᠨ ᠶᠤᠮ ᠭᠡᠵᠠᠢ᠃
ᠲᠢᠩ · ᠪᠡᠭᠠᠳᠤᠷ ᠤᠳᠤ ᠴᠤ ᠭᠡᠰᠡᠨ ᠡᠳᠦᠷ ᠪᠦᠷᠢ ᠮᠠᠰᠢ ᠶᠠᠭᠠᠷᠠᠯᠳᠠᠢ ᠠᠵᠢᠯᠯᠠᠭᠰᠠᠭᠠᠷ ᠬᠦᠳᠡᠯᠮᠦᠷᠢᠯᠡᠭᠰᠡᠭᠡᠷ ᠁ ᠵᠢᠷᠠ ᠭᠠᠷᠤᠭᠰᠠᠨ ᠴᠤ ᠭᠡᠷ ᠭᠠᠳᠠᠨ᠎ᠠ ᠶᠢᠨ ᠠᠵᠢᠯ ᠳᠤ ᠪᠦᠷ ᠯᠡ ᠮᠤᠩᠭᠠᠨᠢᠵᠤ ᠭᠦᠶᠦᠨ᠎ᠡ᠂ ᠪᠠᠰᠠ ᠡᠯᠳᠡᠪ ᠬᠤᠷᠠᠯ ᠴᠤᠭᠯᠠᠭᠠᠨ᠂ ᠶᠠᠷᠢᠶ᠎ᠠ ᠲᠠᠶᠢᠯᠤᠮᠵᠢ ᠭᠡᠳ ᠲᠡᠭᠦᠨ ᠤ ᠠᠵᠢᠯ ᠲᠤᠩ ᠶᠠᠭᠠᠷᠠᠤ᠃ ᠭᠡᠪᠡᠴᠤ ᠲᠡᠷᠡ ᠶᠠᠭᠠᠬᠢᠵᠤ ᠶᠠᠭᠠᠷᠠᠤ ᠪᠠᠶᠢᠭᠰᠠᠨ ᠴᠤ ᠮᠠᠯᠴᠢᠳ ᠲᠤᠷᠰᠢᠯᠭ᠎ᠠ ᠰᠤᠷᠬᠤ ᠪᠠᠷ ᠢᠷᠡᠭᠰᠡᠨ ᠪᠤᠯ ᠠᠯᠢᠪᠠ ᠠᠵᠢᠯ ᠢᠶᠠᠨ ᠬᠤᠶᠢᠰᠢ ᠲᠠᠯᠪᠢᠵᠤ ᠪᠠᠶᠢᠭᠠᠳ ᠦᠪᠡᠷ ᠤᠨ ᠲᠤᠷᠰᠢᠯᠭ᠎ᠠ ᠪᠠᠨ ᠬᠠᠷᠠᠮ ᠦᠭᠡᠢ ᠬᠤᠪᠢᠶᠠᠯᠴᠠᠵᠤ ᠯᠡ ᠪᠠᠶᠢᠳᠠᠭ᠃ ᠲᠢᠩ · ᠪᠡᠭᠠᠳᠤᠷ᠄ 《ᠵᠢᠯ ᠪᠤᠯᠭᠠᠨ ᠮᠠᠨ ᠤ ᠬᠢᠨ ᠳᠤ ᠲᠤᠭᠤᠷᠢᠨ ᠰᠤᠷᠤᠯᠴᠠᠬᠤ ᠪᠠᠷ 1 ᠲᠦᠮᠡ ᠭᠠᠷᠤᠢ ᠬᠦᠮᠦᠨ ᠤᠳᠠᠭ᠎ᠠ ᠢᠷᠡᠵᠦ ᠪᠤᠢ᠃ ᠬᠡᠯᠡᠵᠤ ᠪᠠᠶᠢᠬᠤ ᠪᠠᠷ ᠬᠢᠵᠦ ᠪᠠᠢ ᠭᠡᠭᠴᠢ ᠪᠠᠷ ᠮᠢᠨᠤ ᠠᠷᠭ᠎ᠠ ᠲᠤᠷᠰᠢᠯᠭ᠎ᠠ ᠲᠡᠳᠡᠨ ᠳᠤ ᠲᠤᠰᠠᠳᠠᠢ ᠯᠡ ᠶᠤᠮ ᠪᠤᠯ ᠵᠢᠭᠠᠵᠤ ᠬᠡᠯᠡᠵᠦ ᠦᠭᠭᠦ ᠳᠤ ᠨᠠᠳᠠᠳᠤ ᠬᠠᠷᠠᠮᠨᠠᠬᠤ ᠭᠠᠵᠠᠷ ᠦᠭᠡᠢ》ᠭᠡᠳ ᠢᠨᠢᠶᠡᠨ᠎ᠡ᠃
ᠤᠢᠢᠷ᠎ᠠ ᠶᠢᠨ ᠵᠢᠯ ᠳᠤ᠂ ᠰᠡᠳᠬᠢᠬᠦ ᠲᠤᠷᠠᠳᠠᠢ ᠤᠷᠤᠯᠳᠤᠯᠭ᠎ᠠ ᠶᠡᠬᠡᠳᠡᠢ ᠲᠢᠩ · ᠪᠡᠭᠠᠳᠤᠷ ᠪᠠᠰᠠ ᠰᠢᠨ᠎ᠡ ᠠᠷᠭ᠎ᠠ ᠲᠤᠷᠰᠢᠯᠭ᠎ᠠ ᠳ᠋ᠦᠡᠭᠨᠡᠨ ᠭᠠᠷᠭᠠᠭᠰᠠᠨ ᠢ ᠄ 《ᠤᠷᠤᠯᠭ᠎ᠠ ᠬᠠᠮᠤᠭ ᠰᠠᠶᠢᠨ᠂ ᠵᠠᠷᠤᠯᠭ᠎ᠠ ᠬᠠᠮᠤᠭ ᠲᠤᠤᠷ᠎ᠠ᠂ ᠠᠮᠢ ᠠᠬᠤᠢ ᠳᠠᠭᠠᠨ ᠬᠠᠮᠤᠭ ᠡᠭᠡᠯᠢᠲᠡᠢ᠂ ᠬᠦᠳᠡᠯᠮᠦᠷᠢ ᠬᠦᠴᠦᠨ ᠳᠡᠭᠡᠨ ᠬᠠᠮᠤᠭ ᠭᠠᠮᠳᠠᠢ》 ᠪᠠᠶᠢᠬᠤ ᠲᠦᠷᠪᠡᠨ ᠲᠠᠯ᠎ᠠ ᠶᠢ ᠵᠤᠬᠢᠴᠠᠯᠳᠤᠭᠤᠯᠤᠨ ᠲᠡᠩᠴᠡᠭᠦᠷᠢᠰᠢᠭᠦᠯᠵᠦ ᠴᠢᠳᠠᠪᠠᠯ ᠰᠠᠶ᠋ᠢ ᠨᠤᠲᠤᠭ ᠪᠡᠯᠴᠢᠭᠡᠷ ᠤᠨ ᠠᠮᠢ ᠠᠬᠤᠢ ᠪᠠᠨ ᠬᠠᠮᠠᠭᠠᠯᠠᠵᠤ ᠪᠠᠰᠠ ᠮᠠᠯᠵᠢᠯ ᠦᠢᠯᠡᠳᠪᠦᠷᠢᠯᠡᠯ ᠤᠨ ᠠᠰᠢᠬ ᠤᠷᠤᠯᠭ᠎ᠠ ᠪᠠᠨ ᠴᠤ ᠪᠠᠲᠤᠯᠠᠵᠤ ᠴᠢᠳᠠᠬᠤ ᠪᠤᠯᠤᠨ᠎ᠠ᠃
《ᠪᠢ ᠪᠤᠯ ᠡᠭᠡᠯ ᠵᠢᠷ ᠤᠨ ᠮᠠᠯᠴᠢᠨ᠂ ᠮᠢᠨᠤ ᠠᠯᠢᠪᠠ ᠪᠦᠬᠦᠨ ᠬᠦᠳᠡᠭᠡ ᠨᠤᠲᠤᠭ ᠲᠤ ᠪᠤᠢ᠃ ᠡᠨᠡ ᠶᠠᠪᠤᠭ᠎ᠠ ᠨᠠᠰᠤᠨ ᠳᠠᠭᠠᠨ ᠪᠢ ᠬᠦᠳᠡᠭᠡ ᠨᠤᠲᠤᠭ ᠢᠶᠠᠨ ᠰᠠᠬᠢᠵᠤ᠂ 50 ᠰᠢᠬᠠᠮ ᠵᠢᠯ ᠬᠤᠷᠠᠮᠳᠤᠭᠤᠯᠤᠭᠰᠠᠨ ᠠᠷᠭ᠎ᠠ ᠲᠤᠷᠰᠢᠯᠭ᠎ᠠ ᠪᠠᠨ ᠮᠠᠯᠴᠢᠨ ᠲᠦᠮᠡᠨ ᠳᠡᠭᠡᠨ ᠤᠯᠠᠮᠵᠢᠯᠠᠵᠤ᠂ ᠲᠡᠳᠡ ᠨᠡᠷ ᠲᠠᠢ ᠪᠠᠨ ᠴᠤᠭ ᠢᠶᠠᠷ ᠨᠤᠲᠤᠭ ᠪᠡᠯᠴᠢᠭᠡᠷ ᠤᠨ ᠠᠮᠢ ᠠᠬᠤᠢ ᠪᠠᠨ ᠬᠠᠮᠠᠭᠠᠯᠠᠨ᠂ ᠨᠤᠳᠤᠭ ᠤᠷᠤᠨ ᠢᠶᠠᠨ ᠪᠦᠲᠦᠭᠡᠨ ᠪᠠᠶᠢᠭᠤᠯᠵᠤ᠂ ᠵᠢᠷᠭᠠᠯᠳᠤ ᠠᠮᠢᠳᠤᠷᠠᠯ ᠢᠶᠠᠨ ᠴᠤᠭᠴᠠᠯᠠᠬᠤ ᠪᠠᠷ ᠦᠷᠭᠦᠯᠵᠢᠯᠡᠨ ᠲᠡᠮᠡᠴᠡᠨ᠎ᠡ》 ᠭᠡᠵᠦ ᠡᠩᠭᠡᠷ ᠲᠡᠭᠡᠷ᠎ᠠ ᠨᠢ ᠭᠢᠯᠠᠯᠵᠠᠬᠤ ᠭᠠᠪᠢᠶᠠᠨ ᠲᠡᠮᠳᠡᠭ ᠢᠶᠠᠨ ᠠᠯᠠᠭᠠᠨ ᠳᠠᠭᠠᠨ ᠲᠡᠭᠡᠳᠦᠯᠡᠩᠭᠡᠨ ᠲᠢᠩ · ᠪᠡᠭᠠᠳᠤᠷ ᠶᠠᠷᠢᠨ᠎ᠠ ᠪᠢᠯᠡ᠃