ᠵᠤᠬᠢᠶᠠᠭᠴᠢ:
ᠴᠠᠭ:2021-10-28
ᠥᠵᠡᠭᠰᠡᠨ : ℃
ᠢᠷᠡᠯᠲᠡ: ᠥᠪᠥᠷ ᠮᠣᠩᠭᠤᠯ ᠤᠨ ᠵᠠᠰᠠᠭ ᠤᠨ ᠣᠷᠳᠣᠨ
ᠥᠪᠡᠷᠲᠡᠭᠡᠨ ᠵᠠᠰᠠᠬᠤ ᠣᠷᠣᠨ ᠤ ᠰᠣᠨᠢᠨ ᠮᠡᠳᠡᠭᠡᠨ ᠤ ᠠᠯᠪᠠᠨ ᠬᠡᠷ ᠪᠥᠬᠦ ᠣᠷᠣᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠪᠠ
2021 11 ᠳ᠋ᠦ᠋ᠭᠡᠷ ᠰᠠᠷ᠎ᠠ ᠶᠢᠨ 2 ᠤᠨ ᠡᠳᠦᠷ᠂ ᠥᠪᠡᠷᠲᠡᠭᠡᠨ ᠵᠠᠰᠠᠬᠤ ᠣᠷᠣᠨ ᠤ ᠰᠣᠨᠢᠨ ᠮᠡᠳᠡᠭᠡᠨ ᠤ ᠠᠯᠪᠠᠨ ᠬᠡᠷ ᠪᠥᠬᠦ ᠣᠷᠣᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠤ᠂ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠵᠣᠬᠢᠶᠠᠨ ᠪᠠᠶᠢᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ ᠤ ᠴᠢᠮᠡᠭᠡ ᠬᠤᠯᠪᠣᠭ᠎ᠠ ᠶᠢᠨ ᠬᠠᠮᠢᠶᠠᠷᠤᠯᠲᠠ ᠶᠢᠨ ᠲᠣᠪᠴᠢᠶ᠎ᠠ ᠶᠢᠨ ᠬᠤᠯᠪᠣᠭᠳᠠᠯ ᠪᠥᠬᠦᠶ ᠬᠠᠷᠢᠭᠤᠴᠠᠯᠭᠠᠲᠠᠨ ᠰᠣᠨᠢᠨ ᠮᠡᠳᠡᠭᠡ ᠨᠡᠶᠢᠲᠡᠯᠡᠬᠦ ᠬᠤᠷᠠᠯ ᠳᠤ ᠣᠷᠣᠯᠴᠠᠭᠰᠠᠨ ᠪᠥᠭᠡᠳ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠪᠠ᠃
ᠲᠠᠨᠢᠯᠴᠠᠭᠤᠯᠤᠭᠰᠠᠨ ᠢᠶᠠᠷ᠂ 11 ᠳ᠋ᠦ᠋ᠭᠡᠷ ᠰᠠᠷ᠎ᠠ ᠶᠢᠨ 2 ᠤᠨ ᠡᠳᠦᠷ ᠤᠨ 12 ᠴᠠᠭ ᠪᠣᠯᠲᠠᠯ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠡᠷᠡᠭᠦᠯᠵᠢᠵᠦ ᠡᠮᠨᠡᠯᠭᠡ ᠠᠴᠠ ᠭᠠᠷᠤᠭᠰᠠᠨ ᠲᠣᠰ ᠭᠠᠵᠠᠷ ᠤᠨ ᠲᠣᠳᠣᠯᠠᠭᠰᠠᠨ 2 ᠡᠪᠡᠳᠴᠢᠨ ᠤ ᠵᠢᠱᠢᠶ᠎ᠡ ᠰᠢᠨ᠎ᠡ ᠪᠠᠷ ᠨᠡᠮᠡᠭᠳᠡᠵᠦ᠂ ᠨᠡᠶᠢᠲᠡ 14 ᠡᠪᠡᠳᠴᠢᠲᠡᠨ ᠡᠷᠡᠭᠦᠯᠵᠢᠵᠦ ᠡᠮᠨᠡᠯᠭᠡ ᠠᠴᠠ ᠭᠠᠷᠪᠠ᠃ ᠣᠳᠣ ᠲᠤᠬᠠᠢ ᠶᠢᠨ ᠭᠠᠵᠠᠷ ᠤᠨ ᠲᠣᠳᠣᠯᠠᠭᠰᠠᠨ ᠡᠪᠡᠳᠴᠢᠨ ᠤ ᠵᠢᠱᠢᠶ᠎ᠡ 159 ᠪᠠᠶᠢᠵᠤ᠂ ᠡᠭᠦᠨ ᠳᠤ ᠬᠥᠬᠡᠬᠤᠲᠠ ᠶᠢᠨ ᠲᠦᠮᠡᠳ ᠵᠡᠭᠦᠨ ᠬᠤᠰᠢᠭᠤᠨ ᠳᠤ 2᠂ ᠰᠢᠨ᠎ᠡ ᠬᠤᠲᠠ ᠲᠣᠭᠤᠷᠢᠭ ᠲᠤ 1 ᠪᠣᠶ︔ ᠰᠢᠯᠢ ᠶᠢᠨ ᠭᠤᠤᠯ ᠠᠶᠢᠮᠠᠭ ᠤᠨ ᠡᠷᠢᠶᠡᠨ ᠬᠤᠲᠠ ᠳᠤ 15 ᠪᠣᠶ︔ ᠣᠷᠳᠣᠰ ᠬᠤᠲᠠ ᠶᠢᠨ ᠡᠵᠡᠨᠬᠤᠷᠤᠭ᠎ᠠ ᠬᠤᠰᠢᠭᠤᠨ ᠳᠤ 1 ᠪᠣᠶ︔ ᠠᠯᠠᠱᠠ ᠠᠶᠢᠮᠠᠭ ᠤᠨ ᠡᠵᠡᠨ᠎ᠡ ᠬᠤᠰᠢᠭᠤᠨ ᠳᠤ 139᠂ ᠠᠯᠠᠱᠠ ᠵᠡᠭᠦᠨ ᠬᠤᠰᠢᠭᠤᠨ ᠳᠤ 1 ᠪᠣᠶ᠃ ᠬᠢᠯᠢ ᠶᠢᠨ ᠭᠠᠳᠠᠨ᠎ᠠ ᠠᠴᠠ ᠣᠷᠣᠵᠤ ᠢᠷᠡᠭᠰᠡᠨ ᠲᠣᠳᠣᠯᠠᠭᠰᠠᠨ ᠡᠪᠡᠳᠴᠢᠨ ᠤ ᠵᠢᠱᠢᠶ᠎ᠡ 8 ᠪᠤᠢ᠃ ᠪᠣᠢ ᠪᠦᠬᠦᠢ ᠲᠣᠳᠣᠯᠠᠭᠰᠠᠨ ᠡᠪᠡᠳᠴᠢᠨ ᠤ ᠵᠢᠱᠢᠶ᠎ᠡ ᠶᠢ ᠴᠥᠮ ᠴᠡᠭ ᠲᠣᠭᠲᠠᠭᠠᠭᠰᠠᠨ ᠡᠮᠨᠡᠯᠭᠡ ᠶᠢᠨ ᠬᠤᠷᠢᠶ᠎ᠠ ᠳᠤ ᠲᠤᠰᠠᠭᠠᠷᠯᠠᠨ ᠡᠮᠴᠢᠯᠡᠵᠦ᠂ ᠪᠣᠶ ᠪᠥᠬᠦᠶ ᠡᠷᠡᠭᠦᠯᠵᠢᠵᠦ ᠡᠮᠨᠡᠯᠭᠡ ᠠᠴᠠ ᠭᠠᠷᠤᠭᠰᠠᠨ ᠡᠪᠡᠳᠴᠢᠨ ᠤ ᠵᠢᠱᠢᠶ᠎ᠡ ᠶᠢ ᠴᠥᠮ ᠲᠣᠭᠲᠠᠭᠰᠠᠨ ᠲᠠᠯᠠᠪᠤᠷ ᠲᠤ ᠲᠤᠰᠠᠭᠠᠷᠯᠠᠨ ᠬᠠᠮᠢᠶᠠᠷᠬᠤ ᠪᠠ ᠡᠷᠡᠭᠦᠯ ᠮᠡᠨᠳᠦ ᠶᠢᠨ ᠪᠠᠶᠢᠳᠠᠯ ᠢ ᠨᠢ ᠬᠢᠨᠠᠨ ᠰᠢᠨᠵᠢᠯᠡᠵᠦ᠂ ᠪᠣᠶ ᠪᠥᠬᠦᠶ ᠨᠢᠭᠲᠠ ᠣᠶᠢᠷᠠᠲᠤᠭᠰᠠᠳ ᠢ ᠴᠥᠮ ᠲᠣᠭᠲᠠᠭᠰᠠᠨ ᠲᠠᠯᠠᠪᠤᠷ ᠲᠤ ᠲᠥᠪᠯᠡᠷᠡᠭᠦᠯᠦᠨ ᠲᠤᠰᠠᠭᠠᠷᠯᠠᠵᠤ ᠠᠨᠠᠭᠠᠬᠤ ᠤᠬᠠᠭᠠᠨ ᠤ ᠠᠵᠢᠭᠯᠠᠯᠲᠠ ᠬᠢᠵᠦ ᠪᠠᠶᠢᠨ᠎ᠠ᠃
ᠬᠠᠯᠳᠠᠪᠤᠷᠢᠲᠤ ᠡᠪᠡᠳᠴᠢᠨ ᠤ ᠡᠬᠢ ᠡᠭᠦᠰᠦᠯ ᠢ ᠨᠢ ᠵᠢᠭᠰᠠᠭᠠᠨ ᠪᠠᠶᠢᠴᠠᠭᠠᠬᠤ ᠲᠠᠯ᠎ᠠ ᠪᠠᠷ᠂ 11 ᠳ᠋ᠦ᠋ᠭᠡᠷ ᠰᠠᠷ᠎ᠠ ᠶᠢᠨ 2 ᠤᠨ ᠡᠳᠦᠷ ᠤᠨ 12 ᠴᠠᠭ ᠪᠣᠯᠲᠠᠯ᠎ᠠ᠂ ᠨᠡᠶᠢᠲᠡ 4046 ᠨᠢᠭᠲᠠ ᠣᠶᠢᠷᠠᠲᠤᠭᠰᠠᠳ ᠢ ᠵᠢᠭᠰᠠᠭᠠᠨ ᠪᠠᠶᠢᠴᠠᠭᠠᠵᠤ᠂ 170 ᠬᠥᠮᠦᠨ ᠤ ᠲᠤᠰᠠᠭᠠᠷᠯᠠᠯ ᠢ ᠦᠭᠡᠶᠢᠰᠬᠡᠪᠡ︔ ᠨᠡᠶᠢᠲᠡ 5512 ᠨᠢᠭᠲᠠ ᠤᠢᠢᠷᠠᠳᠤᠭᠰᠠᠳ ᠤᠨ ᠨᠢᠭᠲᠠ ᠤᠢᠢᠷᠠᠳᠤᠭᠰᠠᠳ ᠢ ᠵᠢᠭᠰᠠᠭᠠᠨ ᠪᠠᠶᠢᠴᠠᠭᠠᠵᠤ᠂ 1018 ᠬᠥᠮᠦᠨ ᠤ ᠲᠤᠰᠠᠭᠠᠷᠯᠠᠯ ᠢ ᠦᠭᠡᠶᠢᠰᠬᠡᠪᠡ᠃
ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠶᠢᠨ ᠲᠠᠯ᠎ᠠ ᠪᠠᠷ᠂ ᠡᠵᠡᠨ᠎ᠡ ᠬᠤᠰᠢᠭᠤ 11 ᠳ᠋ᠦ᠋ᠭᠡᠷ ᠰᠠᠷ᠎ᠠ ᠶᠢᠨ 2 ᠤᠨ ᠡᠳᠦᠷ ᠤᠨ 6 ᠴᠠᠭ ᠲᠤ ᠶᠢᠰᠦᠳᠦᠭᠡᠷ ᠡᠭᠡᠯᠵᠢ ᠶᠢᠨ ᠪᠥᠬᠦ ᠬᠦᠮᠦᠰ ᠤᠨ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠪᠠᠨ ᠡᠬᠢᠯᠡᠭᠦᠯᠵᠦ᠂ 12 ᠴᠠᠭ ᠪᠣᠯᠲᠠᠯ᠎ᠠ ᠨᠡᠶᠢᠲᠡ 28825 ᠬᠥᠮᠦᠨ ᠤᠳᠠᠭ᠎ᠠ ᠥᠯᠢᠭᠡᠷ ᠠᠪᠤᠭᠰᠠᠨ ᠪᠠᠶᠢᠨ᠎ᠠ᠃ ᠡᠷᠢᠶᠡᠨ ᠬᠤᠲᠠ ᠶᠢᠨ ᠬᠢᠨ ᠭᠤᠤᠯᠳᠠᠯᠭ᠎ᠠ ᠲᠠᠢ ᠬᠥᠮᠦᠰ ᠤᠨ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠶᠢᠨ ᠡᠷᠴᠢᠮ ᠢᠶᠠᠨ ᠦᠷᠭᠦᠯᠵᠢᠯᠡᠨ ᠴᠢᠩᠭᠠᠳᠬᠠᠵᠤ ᠪᠤᠢ᠃ ᠬᠥᠬᠡᠬᠤᠲᠠ ᠨᠢᠭᠡᠨᠲᠡ ᠬᠠᠷᠢᠶ᠎ᠠ ᠣᠷᠣᠨ ᠤ ᠭᠤᠤᠯᠳᠠᠯᠭ᠎ᠠ ᠲᠠᠢ ᠣᠷᠣᠨ ᠪᠦᠰᠡ ᠶᠢᠨ ᠭᠠᠳᠠᠭᠤᠷ ᠲᠣᠭᠤᠷᠢᠭ ᠤᠨ 5 ᠬᠤᠰᠢᠭᠤ ᠰᠢᠶᠠᠨ ᠤ ᠶᠡᠭᠡ ᠬᠡᠪᠴᠢᠶᠡᠨ ᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠬᠢᠬᠦ ᠠᠵᠢᠯ ᠢᠶᠠᠨ ᠪᠡᠶᠡᠯᠡᠭᠦᠯᠵᠦ᠂ ᠨᠡᠶᠢᠲᠡ 789837 ᠬᠥᠮᠦᠨ ᠤᠳᠠᠭ᠎ᠠ ᠪᠠᠶᠢᠴᠠᠭᠠᠨ ᠰᠢᠨᠵᠢᠯᠡᠵᠦ᠂ ᠪᠠᠶᠢᠴᠠᠭᠠᠯᠲᠠ ᠶᠢᠨ ᠳ᠋ᠦᠩ ᠨᠢ ᠴᠥᠮ ᠪᠢᠯᠢᠭ ᠴᠢᠨᠠᠷ ᠲᠠᠢ᠃
ᠣᠨᠣᠰᠢᠯᠠᠭᠰᠠᠨ ᠡᠪᠡᠳᠴᠢᠨ ᠤ ᠵᠢᠱᠢᠶ᠎ᠡ ᠶᠢ ᠠᠪᠤᠷᠠᠨ ᠵᠠᠰᠠᠬᠤ ᠲᠠᠯ᠎ᠠ ᠪᠠᠷ᠂ ᠥᠪᠡᠷᠲᠡᠭᠡᠨ ᠵᠠᠰᠠᠬᠤ ᠣᠷᠣᠨ ᠤ ᠴᠡᠭ ᠲᠣᠭᠲᠠᠭᠠᠭᠰᠠᠨ ᠡᠮᠨᠡᠯᠭᠡ ᠶᠢᠨ ᠬᠤᠷᠢᠶ᠎ᠠ ᠲᠤᠬᠠᠢ ᠶᠢᠨ ᠭᠠᠵᠠᠷ ᠤᠨ ᠣᠨᠣᠰᠢᠯᠠᠭᠰᠠᠨ 159 ᠡᠪᠡᠳᠴᠢᠨ ᠤ ᠵᠢᠱᠢᠶ᠎ᠡ ᠶᠢ ᠬᠦᠯᠢᠶᠡᠨ ᠠᠪᠴᠤ ᠡᠮᠴᠢᠯᠡᠪᠡ᠃ ᠡᠭᠦᠨ ᠳᠤ ᠬᠦᠨᠳᠦ ᠲᠦᠭᠰᠢᠭᠦᠷᠢᠲᠡᠶ ᠡᠪᠡᠳᠴᠢᠲᠡᠨ 1᠂ ᠬᠦᠨᠳᠦ ᠡᠪᠡᠳᠴᠢᠲᠡᠨ 10᠂ ᠡᠩ ᠤᠨ ᠡᠪᠡᠳᠴᠢᠲᠡᠨ 64᠂ ᠬᠥᠩᠭᠡᠨ ᠡᠪᠡᠳᠴᠢᠲᠡᠨ 84 ᠪᠣᠶ᠃ ᠣᠳᠣᠬᠠᠨ ᠳᠤ ᠡᠪᠡᠳᠴᠢᠲᠡᠨ ᠤ ᠡᠪᠡᠳᠴᠢᠨ ᠤ ᠪᠠᠶᠢᠳᠠᠯ ᠶᠡᠷᠦᠩᠬᠡᠶ ᠳᠤ ᠪᠠᠨ ᠲᠣᠭᠲᠠᠪᠤᠷᠢᠲᠠᠢ ᠪᠠᠶᠢᠨ᠎ᠠ᠃
ᠡᠵᠡᠨ᠎ᠡ ᠬᠤᠰᠢᠭᠤᠨ ᠳᠤ ᠦᠯᠡᠳᠡᠵᠦ ᠬᠤᠴᠣᠷᠣᠭᠰᠠᠨ ᠵᠤᠭᠠᠴᠠᠭᠰᠠᠳ ᠢ ᠰᠢᠯᠵᠢᠭᠦᠯᠦᠨ ᠵᠥᠭᠡᠭᠡᠪᠦᠷᠢᠯᠡᠬᠦ ᠲᠠᠯ᠎ᠠ ᠪᠠᠷ᠂ ᠤᠳᠤ ᠪᠣᠯᠲᠠᠯ᠎ᠠ᠂ ᠡᠵᠡᠨ᠎ᠡ ᠬᠤᠰᠢᠭᠤᠨ ᠳᠤ ᠦᠯᠡᠳᠡᠵᠦ ᠬᠤᠴᠣᠷᠤᠭᠰᠠᠨ ᠨᠡᠶᠢᠳᠡ 9553 ᠵᠤᠭᠠᠴᠠᠭᠰᠠᠳ ᠢ ᠰᠢᠯᠵᠢᠭᠦᠯᠦᠨ ᠵᠥᠭᠡᠭᠡᠪᠦᠷᠢᠯᠡᠵᠦ᠂ ᠵᠤᠭᠠᠴᠠᠭᠰᠠᠳ ᠢ ᠰᠢᠯᠵᠢᠭᠦᠯᠦᠨ ᠵᠥᠭᠡᠭᠡᠪᠦᠷᠢᠯᠡᠬᠦ ᠠᠵᠢᠯ ᠳᠠᠭᠤᠰᠪᠠ᠃
ᠲᠠᠷᠠᠭᠠᠴᠢ ᠶᠢᠨ ᠠᠯᠬᠤᠮ ᠳᠤ᠂ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠬᠠᠮᠲᠤᠷᠠᠨ ᠰᠡᠷᠭᠡᠶᠢᠯᠡᠵᠦ ᠬᠠᠮᠲᠤᠷᠠᠨ ᠡᠵᠡᠮᠳᠡᠬᠦ ᠲᠣᠭᠲᠠᠴᠠ ᠪᠠ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠪᠠᠶᠢᠷᠢᠯᠠᠭᠤᠯᠤᠯᠲᠠ ᠶᠣᠰᠣᠭᠠᠷ᠂ ᠤᠯᠤᠰ ᠤᠨ ᠠᠵᠢᠯᠯᠠᠬᠤ ᠳᠤᠭᠤᠶᠢᠯᠠᠩ ᠤᠨ ᠱᠠᠭᠠᠷᠳᠠᠯᠭ᠎ᠠ ᠶᠣᠰᠣᠭᠠᠷ᠂ ᠡᠯ᠎ᠡ ᠵᠦᠢᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢᠨ ᠨᠠᠶᠢᠳᠠᠪᠤᠷᠢᠵᠢᠭᠤᠯᠤᠯᠲᠠ ᠶᠢ ᠥᠴᠦᠬᠡᠨ ᠴᠦ ᠰᠤᠯᠠᠷᠠᠭᠤᠯᠤᠯ ᠥᠬᠡᠶ ᠪᠠᠷ ᠴᠢᠩᠭ᠎ᠠ᠂ ᠪᠣᠳᠠᠲᠠᠶ ᠪᠥᠭᠡᠳ ᠨᠠᠷᠢᠯᠢᠭ ᠠᠳᠬᠤᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠦᠷ᠎ᠡ ᠪᠦᠲᠦᠮᠵᠢ ᠶᠢ ᠪᠠᠬᠢᠵᠢᠭᠦᠯᠦᠨ᠎ᠡ᠃