ᠵᠤᠬᠢᠶᠠᠭᠴᠢ:
ᠴᠠᠭ:2022-06-17
ᠥᠵᠡᠭᠰᠡᠨ : ℃
ᠢᠷᠡᠯᠲᠡ: ᠥᠪᠥᠷ ᠮᠣᠩᠭᠤᠯ ᠤᠨ ᠵᠠᠰᠠᠭ ᠤᠨ ᠣᠷᠳᠣᠨ
︽ᠬᠤᠪᠢᠰᠬᠠᠯ ᠤᠨ ᠵᠠᠭᠤᠨ ᠵᠢᠯ ᠰᠦᠷ ᠳᠠᠯᠠᠶᠢᠴᠠᠲᠠᠢ ᠤᠯᠠ ᠮᠦᠷ ︱ ᠥᠪᠥᠷ ᠮᠣᠩᠭᠤᠯ ᠤᠨ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠤᠨ ᠲᠡᠦᠬᠡᠨ ᠵᠢᠷᠤᠭᠲᠤ ᠳᠡᠪᠲᠡᠷ ︵ᠨᠢᠭᠡᠳᠦᠭᠡᠷ ᠪᠣᠳᠢ︶︾ ᠢ ᠲᠠᠷᠬᠠᠭᠠᠪᠠ ᠯᠢ ᠪᠢᠩ ᠷᠦᠩ ᠵᠧᠩ ᠹᠦ᠋ ᠲᠢᠶᠠᠨ ᠠᠩᠬ᠎ᠠ ᠲᠠᠷᠬᠠᠭᠠᠬᠤ ᠶᠣᠰᠣᠯᠠᠯ ᠳᠤ ᠣᠷᠣᠯᠴᠠᠪᠠ
2022 6 ᠰᠠᠷ᠎ᠠ ᠶᠢᠨ 14 ᠤ ᠡᠳᠦᠷ᠂ 《ᠬᠤᠪᠢᠰᠬᠠᠯ ᠤᠨ ᠵᠠᠭᠤᠨ ᠵᠢᠯ ᠰᠦᠷ ᠳᠠᠯᠠᠶᠢᠴᠠᠲᠠᠢ ᠤᠯᠠ ᠮᠦᠷ ︱ ᠥᠪᠥᠷ ᠮᠣᠩᠭᠤᠯ ᠤᠨ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠤᠨ ᠲᠡᠦᠬᠡᠨ ᠵᠢᠷᠤᠭᠲᠤ ᠳᠡᠪᠲᠡᠷ ︵ᠨᠢᠭᠡᠳᠦᠭᠡᠷ ᠪᠣᠳᠢ︶》 ᠢ ᠬᠥᠬᠡᠬᠤᠲᠠ ᠳᠤ ᠲᠠᠷᠬᠠᠭᠠᠪᠠ᠃
ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ ᠯᠢ ᠪᠢᠩ ᠷᠦᠩ᠂ ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠵᠧᠩ ᠹᠦ᠋ ᠲᠢᠶᠠᠨ ᠠᠩᠬ᠎ᠠ ᠲᠠᠷᠬᠠᠭᠠᠬᠤ ᠶᠣᠰᠣᠯᠠᠯ ᠳᠤ ᠣᠷᠣᠯᠴᠠᠪᠠ᠃
ᠲᠠᠨᠢᠯᠴᠠᠭᠤᠯᠤᠭᠰᠠᠨ ᠢᠶᠠᠷ᠂ 《ᠬᠤᠪᠢᠰᠬᠠᠯ ᠤᠨ ᠵᠠᠭᠤᠨ ᠵᠢᠯ ᠰᠦᠷ ᠳᠠᠯᠠᠶᠢᠴᠠᠲᠠᠢ ᠤᠯᠠ ᠮᠦᠷ ︱ ᠥᠪᠥᠷ ᠮᠣᠩᠭᠤᠯ ᠤᠨ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠤᠨ ᠲᠡᠦᠬᠡᠨ ᠵᠢᠷᠤᠭᠲᠤ ᠳᠡᠪᠲᠡᠷ ︵ᠨᠢᠭᠡᠳᠦᠭᠡᠷ ᠪᠣᠳᠢ︶》 ᠤᠨ ᠠᠭᠤᠯᠭ᠎ᠠ ᠶᠢ 《ᠴᠢᠰᠤ ᠪᠣᠷᠤᠭᠠᠨ ᠤ ᠤᠭᠢᠶᠠᠯ ᠤᠨ ᠳᠤᠮᠳᠠ ᠮᠡᠨᠳᠦᠯᠡᠭᠰᠡᠨ》 《ᠶᠠᠫᠤᠨ ᠢ ᠡᠰᠡᠷᠭᠦᠴᠡᠬᠦ ᠴᠢᠰᠤᠲᠤ ᠪᠠᠶᠢᠯᠳᠤᠭᠠᠨ ᠤ ᠳᠤᠮᠳᠠ ᠬᠦᠭᠵᠢᠨ ᠪᠤᠵᠠᠭᠠᠶᠢᠷᠠᠭᠰᠠᠨ》 《ᠴᠢᠯᠦᠭᠡᠯᠡᠬᠦ ᠲᠡᠶᠢᠨ ᠤ ᠳᠠᠷᠢ ᠶᠢᠨ ᠤᠲᠤᠭ᠎ᠠ ᠶᠢᠨ ᠳᠤᠮᠳᠠ ᠬᠡᠷᠡᠯ ᠰᠠᠴᠤᠷᠠᠩᠭᠤᠢ ᠵᠠᠮ ᠢᠶᠠᠷ ᠤᠷᠤᠭᠰᠢᠯᠠᠭᠰᠠᠨ》 ᠭᠡᠬᠦ ᠭᠤᠷᠪᠠᠨ ᠬᠡᠰᠡᠭ ᠬᠤᠪᠢᠶᠠᠨ᠎ᠠ᠃ ᠡᠨᠡ ᠨᠢ ᠥᠪᠥᠷ ᠮᠣᠩᠭᠤᠯ ᠤᠨ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠤᠨ ᠦᠨᠳᠦᠰᠦᠨ ᠲᠡᠦᠬᠡᠨ ᠶᠠᠪᠤᠴᠠ ᠶᠢᠨ ᠲᠣᠭᠤᠷᠢᠨ ᠳᠤ᠂ ᠬᠤᠪᠣᠷ ᠨᠠᠨᠳᠢᠨ ᠲᠡᠦᠬᠡ ᠶᠢᠨ ᠵᠢᠷᠤᠭ ᠪᠣᠯᠣᠨ ᠦᠰᠦᠭ ᠪᠢᠴᠢᠭ ᠢᠶᠠᠷ ᠳᠠᠮᠵᠢᠭᠤᠯᠤᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠭᠰᠠᠨ ᠰᠢᠨ᠎ᠡ ᠠᠷᠠᠳᠴᠢᠯᠠᠭᠰᠠᠨ ᠬᠤᠪᠢᠰᠬᠠᠯ ᠤᠨ ᠦᠶ᠎ᠡ ᠶᠢᠨ ᠥᠪᠥᠷ ᠮᠣᠩᠭᠤᠯ ᠤᠨ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠤᠨ ᠲᠡᠮᠡᠴᠡᠯ ᠤᠨ ᠥᠩᠭᠡᠷᠡᠯᠲᠡ ᠶᠢ ᠲᠡᠮᠳᠡᠭᠯᠡᠵᠦ᠂ ᠡᠭᠦᠨ ᠢᠶᠠᠷ ᠥᠷᠭᠡᠨ ᠤᠯᠠᠨ ᠺᠠᠳ᠋ᠷ ᠤᠯᠠᠨ ᠲᠦᠮᠡᠨ ᠤ ᠵᠣᠷᠢᠭ ᠰᠠᠨᠠᠭ᠎ᠠ ᠪᠣᠯᠣᠨ ᠬᠦᠴᠦᠨ ᠴᠢᠳᠠᠯ ᠢ ᠨᠢᠭᠲᠠᠷᠠᠭᠤᠯᠵᠤ᠂ ᠬᠠᠭᠤᠴᠢᠨ ᠰᠠᠭᠤᠷᠢᠨ ᠭᠠᠵᠠᠷ ᠤᠨ ᠵᠣᠷᠢᠭ ᠰᠠᠨᠠᠭ᠎ᠠ ᠶᠢ ᠠᠵᠢᠯ ᠬᠢᠵᠦ ᠦᠢᠯᠡᠰ ᠴᠣᠭᠴᠠᠯᠠᠬᠤ ᠠᠤᠭ᠎ᠠ ᠶᠡᠭᠡ ᠬᠦᠴᠦᠨ ᠪᠣᠯᠭᠠᠨ ᠬᠤᠪᠢᠷᠠᠭᠤᠯᠵᠤ᠂ ᠨᠡᠩ ᠴᠤᠭ ᠪᠠᠳᠠᠷᠠᠩᠭᠤᠢ ᠲᠡᠮᠡᠴᠡᠯ ᠤᠨ ᠵᠣᠷᠢᠭ᠂ ᠨᠡᠩ ᠯᠠᠪᠳᠠᠭᠤᠨ ᠪᠠᠲᠤᠲᠠᠢ ᠣᠪᠤᠷ ᠰᠤᠷᠲᠠᠯ᠂ ᠨᠡᠩ ᠪᠦᠲᠦᠮᠵᠢᠲᠡᠢ ᠠᠷᠭ᠎ᠠ ᠬᠡᠮᠵᠢᠶ᠎ᠡ ᠪᠠᠷ ᠥᠪᠥᠷ ᠮᠣᠩᠭᠤᠯ ᠤᠨ ᠰᠢᠨ᠎ᠡ ᠴᠠᠭ ᠦᠶ᠎ᠡ ᠶᠢᠨ ᠴᠢᠨᠠᠷ ᠰᠠᠶᠢᠲᠠᠢ ᠬᠥᠭᠵᠢᠯᠲᠡ ᠶᠢᠨ ᠰᠢᠨ᠎ᠡ ᠬᠠᠭᠤᠳᠠᠰᠤ ᠶᠢ ᠪᠢᠴᠢᠭᠯᠡᠵᠦ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠳᠤ ᠰᠢᠨ᠎ᠡ ᠬᠤᠪᠢ ᠨᠡᠮᠡᠷᠢ ᠦᠵᠡᠭᠦᠯᠬᠦ ᠶᠢ ᠬᠦᠰᠡᠭᠰᠡᠨ ᠪᠠᠶᠢᠨ᠎ᠠ᠃