ᠰᠢᠨ᠎ᠡ ᠲᠢᠲᠢᠮᠯᠢᠭ ᠸᠢᠷᠦ᠋ᠰ ᠤᠨ ᠠᠨᠲ᠋ᠢᠪᠤᠳ ᠤᠨ ︽ᠬᠠᠮᠠᠭᠠᠯᠠᠯᠲᠠ ᠶᠢᠨ ᠬᠤᠭᠤᠴᠠᠭ᠎ᠠ︾ ᠤᠳᠠᠯ ᠦᠭᠡᠢ ᠲᠤᠯᠬᠤ ᠭᠡᠵᠦ ᠪᠠᠶᠢᠨ᠎ᠠ ᠳᠠᠭᠢᠵᠤ ᠸᠠᠺᠼᠢᠨ ᠤ ᠲᠠᠷᠢᠯᠭ᠎ᠠ ᠬᠢᠯᠭᠡᠬᠦ ᠴᠢᠬᠤᠯᠠ ᠲᠠᠢ ᠤᠤ︖
《ᠴᠠᠭ ᠤᠨ ᠤᠳᠠᠭᠠᠨ ᠳᠤ ᠂ ᠰᠢᠨ᠎ᠡ ᠲᠢᠲᠢᠮᠯᠢᠭ ᠸᠢᠷᠦ᠋ᠰ ᠤᠨ ᠠᠨᠲ᠋ᠢᠪᠤᠳ ᠤᠨ ᠬᠥᠮᠥᠨ ᠤ ᠪᠡᠶ᠎ᠡ ᠳᠠᠬᠢ ᠬᠡᠮᠵᠢᠶ᠎ᠡ ᠨᠢ ᠠᠭᠠᠵᠢᠮ ᠢᠶᠠᠷ ᠪᠠᠭᠤᠷᠠᠬᠤ ᠪᠣᠯᠣᠨ᠎ᠠ》᠃ 2023 4 ᠳ᠋ᠦ᠋ᠭᠡᠷ ᠰᠠᠷ᠎ᠠ ᠶᠢᠨ 17 ᠤ ᠡᠳᠦᠷ ᠂ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠮᠢᠺᠷᠣᠪ ᠤᠨ ᠰᠤᠳᠤᠯᠭᠠᠨ ᠤ ᠭᠠᠵᠠᠷ ᠤᠨ ᠰᠤᠳᠤᠯᠤᠭᠴᠢ ᠳ᠋ᠠᠢ ᠯᠢᠶᠠᠨ ᠫᠠᠨ ᠰᠣᠷᠪᠤᠯᠵᠢᠯᠠᠭ᠎ᠠ ᠬᠦᠯᠢᠶᠡᠬᠦ ᠳᠤ ᠪᠠᠨ ᠂ ᠲᠠᠬᠢᠵᠤ ᠬᠠᠯᠳᠠᠪᠤᠷᠢᠯᠠᠬᠤ ᠶᠢ ᠪᠦᠲᠦᠮᠵᠢᠲᠡᠢ ᠰᠡᠷᠭᠡᠶᠢᠯᠡᠶ᠎ᠡ ᠭᠡᠪᠡᠯ ᠂ ᠬᠥᠮᠥᠨ ᠤ ᠪᠡᠶ᠎ᠡ ᠳᠠᠬᠢ ᠠᠨᠲ᠋ᠢᠪᠤᠳ ᠢᠯᠡᠳᠲᠡ ᠪᠠᠭᠤᠷᠠᠬᠤ ᠠᠴᠠ ᠡᠮᠦᠨ᠎ᠡ ᠳᠠᠭᠢᠵᠤ ᠸᠠᠺᠼᠢᠨ ᠤ ᠲᠠᠷᠢᠯᠭ᠎ᠠ ᠬᠢᠯᠭᠡᠬᠦ ᠴᠢᠬᠤᠯᠠᠲᠠᠢ ᠭᠡᠵᠡᠢ ᠃
ᠨᠢᠳᠤᠨᠤᠨ ᠵᠢᠯ ᠤᠨ ᠡᠴᠦᠰ ᠤᠨ ᠰᠢᠨ᠎ᠡ ᠲᠢᠲᠢᠮᠯᠢᠭ ᠸᠢᠷᠦ᠋ᠰ ᠤᠨ ᠬᠠᠯᠳᠠᠪᠤᠷᠢᠯᠠᠯ ᠤᠨ ᠣᠷᠭᠢᠯ ᠦᠶ᠎ᠡ ᠥᠩᠭᠡᠷᠡᠭᠡᠳ ᠨᠢᠭᠡᠨᠲᠡ 4 ᠰᠠᠷ᠎ᠠ ᠭᠠᠷᠤᠢ ᠪᠣᠯᠵᠤ ᠪᠠᠶᠢᠨ᠎ᠠ ᠃ ᠬᠤᠶᠢᠰᠢᠳᠠ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠬᠢᠯᠭᠡᠬᠦ ᠴᠢᠬᠤᠯᠠᠲᠠᠢ ᠤᠤ ︖ ᠳᠠᠬᠢᠨᠲᠠ ᠬᠠᠯᠳᠠᠪᠤᠷᠢᠯᠠᠬᠤ ᠶᠢ ᠶᠠᠭᠠᠬᠢᠵᠤ ᠪᠦᠲᠦᠮᠵᠢᠲᠡᠢ ᠪᠠᠭᠠᠰᠬᠠᠬᠤ ᠪᠣᠶ︖ ᠲᠤᠰᠬᠠᠢ ᠮᠡᠷᠭᠡᠵᠢᠯᠲᠡᠳ ᠡᠭᠦᠨ ᠤ ᠲᠤᠬᠠᠢ ᠰᠢᠨᠵᠢᠯᠡᠬᠦ ᠤᠬᠠᠭᠠᠨ ᠤ ᠮᠡᠳᠡᠯᠭᠡ ᠶᠢᠨ ᠲᠦᠭᠡᠮᠡᠯᠵᠢᠭᠦᠯᠦᠯᠲᠡ ᠬᠢᠵᠡᠢ ᠃
ᠰᠢᠨ᠎ᠡ ᠲᠢᠲᠢᠮᠯᠢᠭ ᠸᠢᠷᠦ᠋ᠰ ᠲᠠᠬᠢᠵᠤ ᠢᠷᠡᠬᠦ ᠦᠭᠡᠢ ᠭᠡᠵᠦ ᠪᠣᠳᠣᠵᠤ ᠪᠠᠶᠢᠨ᠎ᠠ ᠂ ᠸᠠᠺᠼᠢᠨ ᠤ ᠲᠠᠷᠢᠯᠭ᠎ᠠ ᠬᠢᠯᠭᠡᠬᠦ ᠬᠡᠷᠡᠭ ᠲᠠᠢ ᠤᠤ ︖
ᠰᠢᠨ᠎ᠡ ᠲᠢᠲᠢᠮᠯᠢᠭ ᠸᠢᠷᠦ᠋ᠰ ᠲᠠᠬᠢᠵᠤ ᠢᠷᠡᠬᠦ ᠤᠤ︖ ᠴᠥᠭᠡᠨ ᠪᠤᠰᠤ ᠬᠥᠮᠥᠰ ᠣᠶᠢᠷ᠎ᠠ ᠶᠢᠨ ᠬᠤᠭᠤᠴᠠᠭᠠᠨ ᠳᠤ ᠰᠢᠨ᠎ᠡ ᠲᠢᠲᠢᠮᠯᠢᠭ ᠸᠢᠷᠦ᠋ᠰ ᠨᠢᠭᠡᠨᠲᠡ ᠣᠷᠣ ᠮᠥᠷ ᠦᠭᠡᠢ ᠠᠷᠢᠯᠵᠤ᠂ ᠨᠡᠩ ᠶᠡᠭᠡ ᠬᠡᠪᠴᠢᠶᠡᠨ ᠤ ᠬᠠᠯᠳᠠᠪᠤᠷᠢᠯᠠᠯ ᠢ ᠠᠪᠴᠢᠷᠠᠭᠰᠠᠨ ᠦᠭᠡᠢ ᠭᠡᠵᠦ ᠪᠣᠳᠣᠵᠤ ᠪᠠᠶᠢᠨ᠎ᠠ ᠃
ᠳ᠋ᠠᠢ ᠯᠢᠶᠠᠨ ᠫᠠᠨ ᠬᠡᠯᠡᠬᠦ ᠳᠤ ᠪᠠᠨ᠂ ᠸᠢᠷᠦ᠋ᠰ ᠤᠨ ᠬᠠᠯᠳᠠᠪᠤᠷᠢᠯᠠᠬᠤ ᠲᠠᠬᠤᠯ ᠡᠪᠡᠳᠴᠢᠨ ᠤ ᠰᠤᠳᠤᠯᠤᠯ ᠤᠨ ᠬᠠᠨᠳᠤᠰᠢ ᠶᠢ ᠣᠳᠣᠬᠠᠨ ᠳᠤ ᠵᠢᠱᠢᠬᠦ ᠳᠤ ᠪᠡᠷᠬᠡ ᠶᠤᠮ ᠃ ᠵᠢᠱᠢᠶᠡᠯᠡᠪᠡᠯ ᠲᠠᠬᠤᠯ ᠲᠠᠭᠰᠢᠭᠤᠷ ᠤᠨ ᠸᠢᠷᠦ᠋ᠰ ᠤᠨ ᠠᠯᠢ ᠨᠢᠭᠡ ᠵᠢᠯ ᠳᠤ ᠳᠡᠯᠭᠡᠷᠡᠬᠦ ᠶᠢ ᠤᠷᠢᠳᠴᠢᠯᠠᠨ ᠮᠠᠭᠠᠳᠯᠠᠬᠤ ᠳᠤ ᠪᠡᠷᠬᠡᠲᠡᠢ ᠪᠠᠶᠢᠳᠠᠭ ᠂ ᠭᠡᠪᠡᠴᠦ ᠮᠠᠰᠢ ᠣᠯᠠᠨ ᠬᠥᠮᠥᠨ ᠲᠠᠬᠤᠯ ᠲᠠᠭᠰᠢᠭᠤᠷ ᠶᠡᠭᠡ ᠪᠠᠷ ᠳᠡᠯᠭᠡᠷᠡᠬᠦ ᠠᠴᠠ ᠰᠡᠷᠭᠡᠶᠢᠯᠡᠬᠦ ᠶᠢᠨ ᠲᠥᠯᠥᠭᠡ ᠵᠢᠯ ᠪᠦᠷᠢ ᠸᠠᠺᠼᠢᠨ ᠤ ᠲᠠᠷᠢᠯᠭ᠎ᠠ ᠬᠢᠯᠭᠡᠳᠡᠭ ᠃
《ᠰᠢᠨ᠎ᠡ ᠲᠢᠲᠢᠮᠯᠢᠭ ᠸᠢᠷᠦ᠋ᠰ ᠨᠢ ᠢᠷᠡᠭᠡᠳᠦᠢ ᠳᠤ ᠪᠠᠰᠠ ᠵᠣᠬᠢᠬᠤ ᠴᠠᠭ ᠬᠤᠭᠤᠴᠠᠭ᠎ᠠ ᠂ ᠵᠣᠬᠢᠬᠤ ᠣᠷᠣᠨ ᠬᠡᠪᠴᠢᠶᠡᠨ ᠳᠤ ᠳᠡᠯᠭᠡᠷᠡᠵᠦ ᠮᠡᠳᠡᠨ᠎ᠡ ᠂ ᠡᠨᠡ ᠬᠦ ᠵᠢᠮ᠎ᠡ ᠶᠣᠰᠣ ᠶᠢ ᠣᠲᠣ ᠪᠣᠯᠲᠠᠯ᠎ᠠ ᠲᠣᠳᠣᠷᠬᠠᠢ ᠰᠤᠳᠤᠯᠵᠤ ᠭᠠᠷᠭᠠᠭ᠎ᠠ ᠦᠭᠡᠢ ᠪᠠᠶᠢᠭᠰᠠᠭᠠᠷ》 ᠭᠡᠵᠦ ᠳ᠋ᠠᠢ ᠯᠢᠶᠠᠨ ᠫᠠᠨ ᠲᠠᠶᠢᠯᠪᠤᠷᠢᠯᠠᠬᠤ ᠳᠤ ᠪᠠᠨ᠂ ᠸᠠᠺᠼᠢᠨ ᠤ ᠲᠠᠷᠢᠯᠭ᠎ᠠ ᠪᠣᠯ ᠬᠠᠯᠳᠠᠪᠤᠷᠢᠲᠤ ᠡᠪᠡᠳᠴᠢᠨ ᠢ ᠰᠡᠷᠭᠡᠶᠢᠯᠡᠬᠦ ᠬᠠᠮᠤᠭ ᠤᠨ ᠪᠦᠲᠦᠮᠵᠢᠲᠡᠢ ᠬᠠᠮᠤᠭ ᠤᠨ ᠬᠢᠮᠳᠠ ᠠᠷᠭ᠎ᠠ ᠪᠠᠷᠢᠯ ᠮᠥᠨ ᠃ ᠰᠡᠷᠭᠡᠶᠢᠯᠡᠬᠦ ᠪᠠᠷ ᠳᠠᠮᠵᠢᠨ ᠂ ᠬᠠᠯᠳᠠᠪᠤᠷᠢᠯᠠᠯ ᠠᠴᠠ ᠪᠣᠯᠣᠭᠰᠠᠨ ᠬᠤᠣᠷ ᠬᠥᠨᠥᠭᠡᠯ ᠢ ᠪᠠᠭᠠᠰᠬᠠᠵᠤ ᠪᠣᠯᠣᠨ᠎ᠠ ᠃ ᠢᠷᠡᠭᠡᠳᠦᠢ ᠶᠢᠨ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠬᠢᠬᠦ ᠠᠷᠭ᠎ᠠ ᠪᠣᠳᠣᠯᠭ᠎ᠠ ᠂ ᠵᠢᠱᠢᠶᠡᠯᠡᠪᠡᠯ ᠬᠡᠳᠦᠢ ᠬᠤᠭᠤᠴᠠᠭ᠎ᠠ ᠠᠯᠤᠰᠯᠠᠭᠠᠳ ᠲᠠᠷᠢᠯᠭ᠎ᠠ ᠬᠢᠯᠭᠡᠬᠦ ᠶᠢ ᠮᠥᠨ ᠬᠦ ᠤᠯᠠᠮ ᠨᠢᠭᠡ ᠠᠯᠬᠤᠮ ᠰᠤᠳᠤᠯᠤᠭᠰᠠᠨ ᠤ ᠳᠠᠷᠠᠭ᠎ᠠ ᠬᠤᠯᠪᠣᠭᠳᠠᠯ ᠪᠦᠬᠦᠢ ᠰᠠᠯᠠᠭ᠎ᠠ ᠮᠥᠴᠢᠷ ᠠᠴᠠ ᠰᠢᠢᠳᠪᠦᠷᠢᠲᠦ ᠪᠣᠳᠣᠯᠭ᠎ᠠ ᠲᠣᠭᠲᠠᠭᠠᠬᠤ ᠴᠢᠬᠤᠯᠠ ᠲᠠᠢ ᠭᠡᠵᠡᠢ ᠃
ᠡᠳᠡᠭᠡᠷ ᠬᠥᠮᠥᠰ ᠡᠭᠡᠯᠢᠯᠡᠭᠡ ᠪᠠᠨ ᠳᠠᠬᠢᠨ ᠴᠢᠩᠭᠠᠳᠬᠠᠬᠤ ᠴᠢᠬᠤᠯᠠ ᠲᠠᠢ
《ᠠᠨᠲ᠋ᠢᠪᠤᠳ ᠤᠨ ᠬᠡᠮᠵᠢᠶ᠎ᠠ ᠪᠣᠯᠣᠨ ᠬᠠᠮᠠᠭᠠᠯᠠᠯᠲᠠ ᠶᠢᠨ ᠦᠷ᠎ᠡ ᠳ᠋ᠦᠩ ᠨᠢ ᠰᠢᠭᠤᠳ ᠬᠤᠯᠪᠣᠭ᠎ᠠ ᠲᠠᠢ ᠪᠠᠶᠢᠳᠠᠭ ᠂ ᠡᠨᠡ ᠨᠢ ᠰᠠᠭᠠᠷᠮᠠᠭᠵᠢᠭᠰᠠᠨ ᠠᠨᠲ᠋ᠢᠪᠤᠳ ᠤᠨ ᠲᠦᠪᠰᠢᠨ ᠬᠡᠳᠦᠢ ᠳᠣᠣᠷ᠎ᠠ ᠪᠣᠯ ᠬᠠᠮᠠᠭᠠᠯᠠᠯᠲᠠ ᠶᠢᠨ ᠦᠷ᠎ᠡ ᠳ᠋ᠦᠩ ᠨᠢ ᠲᠡᠳᠦᠢ ᠮᠠᠭᠤ ᠪᠠᠶᠢᠵᠤ ᠂ ᠡᠭᠦᠨ ᠤ ᠡᠰᠡᠷᠭᠦ ᠪᠠᠷ ᠪᠣᠯ ᠬᠠᠮᠠᠭᠠᠯᠠᠯᠲᠠ ᠶᠢ ᠲᠡᠳᠦᠢ ᠰᠠᠶᠢᠨ ᠪᠦᠷᠢᠯᠳᠦᠭᠦᠯᠵᠦ ᠴᠢᠳᠠᠨ᠎ᠠ ᠭᠡᠳᠡᠭ ᠢ ᠬᠠᠷᠠᠭᠤᠯᠵᠤ ᠪᠠᠶᠢᠨ᠎ᠠ》᠃ ᠸᠠᠺᠼᠢᠨ ᠤ ᠲᠠᠷᠢᠯᠭ᠎ᠠ ᠬᠢᠯᠭᠡᠬᠦ ᠨᠢ ᠴᠢᠰᠤᠨ ᠤ ᠳᠣᠲᠣᠷᠠᠬᠢ ᠰᠠᠭᠠᠷᠮᠠᠭᠵᠢᠭᠤᠯᠬᠤ ᠠᠨᠲ᠋ᠢᠪᠤᠳ ᠤᠨ ᠲᠦᠪᠰᠢᠨ ᠢ ᠳᠡᠭᠡᠭᠰᠢᠯᠡᠭᠦᠯᠵᠦ ᠂ ᠴᠢᠰᠤᠨ ᠳᠤ ᠣᠷᠣᠭᠰᠠᠨ ᠸᠢᠷᠦ᠋ᠰ ᠢ ᠬᠤᠷᠢᠭᠯᠠᠵᠤ ᠴᠢᠳᠠᠨ᠎ᠠ ᠭᠡᠵᠦ ᠳ᠋ᠠᠢ ᠯᠢᠶᠠᠨ ᠫᠠᠨ ᠬᠡᠯᠡᠪᠡ ᠃
ᠲᠡᠭᠡᠪᠡᠯ ᠳᠡᠭᠡᠷ᠎ᠡ ᠤᠳᠠᠭ᠎ᠠ ᠬᠠᠯᠳᠠᠪᠤᠷᠢᠯᠠᠭᠳᠠᠵᠤ ᠦᠩᠬᠡᠷᠡᠭᠰᠡᠨ ᠬᠥᠮᠥᠰ ᠨᠢ ᠸᠠᠺᠼᠢᠨ ᠤ ᠲᠠᠷᠢᠯᠭ᠎ᠠ ᠬᠢᠯᠭᠡᠭᠰᠡᠨ ᠲᠠᠢ ᠲᠡᠩᠴᠡᠨ᠎ᠡ ᠤᠤ ︖
《ᠨᠢᠭᠡᠨᠲᠡ 3 ᠤᠳᠠᠭ᠎ᠠ ᠲᠠᠷᠢᠯᠭ᠎ᠠ ᠬᠢᠯᠭᠡᠭᠡᠳ ᠳᠠᠬᠢᠨ ᠬᠠᠯᠳᠠᠪᠤᠷᠢᠯᠠᠭᠳᠠᠭᠰᠠᠨ ᠬᠥᠮᠥᠨ ᠳᠤ ᠠᠪᠴᠤ ᠬᠡᠯᠡᠪᠡᠯ ᠂ ᠡᠭᠡᠯᠢᠯᠡᠭᠡ ᠨᠢ ᠲᠠᠬᠢᠨ ᠢᠶᠠᠷ ᠨᠡᠮᠡᠭᠳᠡᠵᠦ ᠮᠠᠰᠢ ᠴᠢᠩᠭ᠎ᠠ ᠡᠭᠡᠯᠢᠯᠡᠭᠡ ᠶᠢᠨ ᠴᠢᠳᠠᠪᠤᠷᠢ ᠲᠠᠢ ᠪᠣᠯᠣᠭᠰᠠᠨ ᠲᠠᠢ ᠠᠳᠠᠯᠢ ᠶᠤᠮ ᠂ ᠡᠭᠦᠨ ᠢ ᠣᠯᠠᠨ ᠤᠳᠠᠭᠠᠨ ᠤ ᠰᠤᠳᠤᠯᠭᠠᠨ ᠢᠶᠠᠷ ᠭᠡᠷᠡᠴᠢᠯᠡᠭᠰᠡᠨ ᠪᠠᠶᠢᠨ᠎ᠠ》᠃ ᠭᠡᠪᠡᠴᠦ ᠬᠠᠯᠳᠠᠪᠤᠷᠢᠯᠠᠬᠤ ᠠᠴᠠ ᠡᠮᠦᠨ᠎ᠡ ᠸᠠᠺᠼᠢᠨ ᠤ ᠲᠠᠷᠢᠯᠭ᠎ᠠ ᠬᠢᠯᠭᠡᠭᠰᠡᠨ ᠦᠭᠡᠢ ᠪᠤᠶᠤ ᠪᠥᠬᠦ ᠶᠠᠪᠤᠴᠠ ᠶᠢᠨ ᠲᠠᠷᠢᠯᠭ᠎ᠠ ᠬᠢᠯᠭᠡᠭᠡ ᠦᠭᠡᠢ ᠪᠠᠷ ᠬᠠᠯᠳᠠᠪᠤᠷᠢᠯᠠᠭᠳᠠᠭᠰᠠᠨ ᠬᠥᠮᠥᠨ ᠳᠤ ᠠᠪᠴᠤ ᠬᠡᠯᠡᠪᠡᠯ ᠂ ᠪᠡᠶ᠎ᠡ ᠳᠠᠬᠢ ᠡᠭᠡᠯᠢᠯᠡᠭᠡ ᠶᠢᠨ ᠬᠠᠮᠠᠭᠠᠯᠠᠯᠲᠠ ᠨᠢ ᠳᠡᠭᠡᠷ᠎ᠡ ᠳᠤᠷᠠᠳᠤᠭᠰᠠᠨ ᠬᠥᠮᠥᠰ ᠤᠨ ᠬᠢ ᠶᠢ ᠠᠷᠠᠢ ᠬᠦᠷᠬᠦ ᠦᠭᠡᠢ ᠶᠤᠮ ᠭᠡᠵᠦ ᠳ᠋ᠠᠢ ᠯᠢᠶᠠᠨ ᠫᠠᠨ ᠬᠡᠯᠡᠵᠡᠢ᠃
ᠴᠦᠮ ᠠᠳᠠᠯᠢᠬᠠᠨ ᠬᠠᠯᠳᠠᠪᠤᠷᠢᠯᠠᠭᠳᠠᠵᠤ ᠦᠩᠬᠡᠷᠡᠭᠰᠡᠨ ᠪᠠᠶᠢᠲᠠᠯ᠎ᠠ ᠶᠠᠭᠠᠬᠢᠭᠠᠳ ᠡᠭᠡᠯᠢᠯᠡᠭᠡ ᠶᠢᠨ ᠬᠠᠮᠠᠭᠠᠯᠠᠯᠲᠠ ᠶᠢᠨ ᠴᠢᠳᠠᠪᠤᠷᠢ ᠨᠢ ᠠᠳᠠᠯᠢ ᠦᠭᠡᠢ ᠪᠠᠶᠢᠳᠠᠭ ᠪᠣᠢ ︖
ᠳ᠋ᠠᠢ ᠯᠢᠶᠠᠨ ᠫᠠᠨ ᠲᠠᠶᠢᠯᠪᠤᠷᠢᠯᠠᠬᠤ ᠳᠤ ᠪᠠᠨ᠂ ᠭᠤᠣᠯᠳᠠᠭᠤ ᠪᠡᠶ᠎ᠡ ᠳᠠᠬᠢ ᠰᠠᠭᠠᠷᠮᠠᠭᠵᠢᠭᠰᠠᠨ ᠠᠨᠲ᠋ᠢᠪᠤᠳ ᠤᠨ ᠬᠠᠮᠤᠷᠬᠤ ᠬᠡᠪᠴᠢᠶ᠎ᠡ ᠨᠢ ᠠᠳᠠᠯᠢ ᠦᠭᠡᠢ ᠂ 3 ᠤᠳᠠᠭ᠎ᠠ ᠸᠠᠺᠼᠢᠨ ᠤ ᠲᠠᠷᠢᠯᠭ᠎ᠠ ᠬᠢᠯᠭᠡᠵᠦ ᠨᠢᠭᠡ ᠤᠳᠠᠭ᠎ᠠ ᠬᠠᠯᠳᠠᠪᠤᠷᠢᠯᠠᠭᠳᠠᠭᠰᠠᠨ ᠬᠥᠮᠥᠰ ᠤᠤᠯ ᠬᠡᠯᠪᠡᠷᠢ ᠶᠢᠨ ᠸᠢᠷᠦ᠋ᠰ ᠪᠠ ᠣᠮᠢᠺᠷᠤᠨ ᠣᠨᠳᠣᠣᠰᠢᠭᠰᠠᠨ ᠸᠢᠷᠦ᠋ᠰ ᠤᠨ ᠳᠠᠪᠬᠤᠷ ᠰᠡᠳᠦᠯᠲᠡ ᠳᠤ ᠥᠷᠲᠥᠬᠦ ᠳᠤ ᠂ ᠨᠢᠭᠡ ᠤᠳᠠᠭ᠎ᠠ ᠬᠠᠯᠳᠠᠪᠤᠷᠢᠯᠠᠭᠳᠠᠭᠰᠠᠨ ᠬᠥᠮᠥᠰ ᠬᠠᠷᠢᠨ ᠵᠥᠪᠬᠡᠨ ᠣᠮᠢᠺᠷᠤᠨ ᠣᠨᠳᠣᠣᠰᠢᠭᠰᠠᠨ ᠸᠢᠷᠦ᠋ᠰ ᠤᠨ ᠲᠠᠩ ᠭᠠᠭᠴᠠ ᠰᠡᠳᠦᠯᠲᠡ ᠳᠤ ᠥᠷᠢᠲᠦᠵᠦ ᠂ ᠡᠮᠦᠨᠡᠬᠢ ᠶᠢᠨ ᠬᠢ ᠨᠢ ᠬᠠᠮᠤᠷᠬᠤ ᠬᠡᠪᠴᠢᠶ᠎ᠡ ᠨᠢ ᠬᠤᠶᠢᠨᠠᠬᠢ ᠠᠴᠠ ᠪᠠᠨ ᠥᠷᠭᠡᠨ ᠪᠠᠶᠢᠳᠠᠭ ᠃ ᠢᠯᠠᠩᠭᠤᠶ᠎ᠠ ᠰᠢᠨ᠎ᠡ ᠬᠤᠪᠢᠯᠪᠤᠷᠢ ᠶᠢᠨ ᠣᠨᠳᠣᠣᠰᠢᠭᠰᠠᠨ ᠸᠢᠷᠦ᠋ᠰ ᠳᠡᠯᠭᠡᠷᠡᠬᠦ ᠦᠶ᠎ᠡ ᠳᠤ ᠂ ᠳᠠᠪᠬᠤᠷ ᠰᠡᠳᠦᠯᠲᠡ ᠳᠤ ᠥᠷᠲᠥᠭᠰᠡᠳ ᠨᠢ ᠪᠠᠰᠠ ᠰᠢᠨ᠎ᠡ ᠬᠤᠪᠢᠯᠪᠤᠷᠢ ᠶᠢᠨ ᠦᠯᠦ ᠮᠡᠳᠡᠬᠦ ᠭᠡᠨᠡᠳᠲᠡ ᠶᠢᠨ ᠣᠨᠳᠣᠣᠰᠢᠯ ᠢ ᠬᠠᠮᠤᠷᠴᠤ᠂ ᠨᠡᠩ ᠰᠠᠶᠢᠨ ᠡᠭᠡᠯᠢᠯᠡᠭᠡ ᠶᠢᠨ ᠦᠷ᠎ᠡ ᠳ᠋ᠦᠩ ᠢ ᠪᠤᠢ ᠪᠣᠯᠭᠠᠵᠤ ᠮᠡᠳᠡᠨ᠎ᠡ ᠭᠡᠪᠡ ᠃
《 ᠡᠶᠢᠮᠦ ᠠᠴᠠ ᠣᠮᠢᠺᠷᠤᠨ ᠤ ᠢᠷᠡᠭᠡᠳᠦᠢ ᠳᠤ ᠡᠭᠦᠰᠴᠦ ᠮᠡᠳᠡᠬᠦ ᠭᠡᠨᠡᠳᠲᠡ ᠶᠢᠨ ᠣᠨᠳᠣᠣᠰᠢᠯ ᠢ ᠠᠷᠭᠠᠴᠠᠬᠤ ᠶᠢᠨ ᠲᠥᠯᠥᠭᠡ ᠂ ᠬᠠᠯᠳᠠᠪᠤᠷᠢᠯᠠᠬᠤ ᠠᠴᠠ ᠡᠮᠦᠨ᠎ᠡ ᠸᠠᠺᠼᠢᠨ ᠤ ᠲᠠᠷᠢᠯᠭ᠎ᠠ ᠬᠢᠯᠭᠡᠭᠰᠡᠨ ᠦᠭᠡᠢ ᠪᠤᠶᠤ ᠪᠥᠬᠦ ᠶᠠᠪᠤᠴᠠ ᠶᠢᠨ ᠲᠠᠷᠢᠯᠭ᠎ᠠ ᠬᠢᠯᠭᠡᠭᠰᠡᠨ ᠦᠭᠡᠢ ᠪᠠᠷ ᠬᠠᠯᠳᠠᠪᠤᠷᠢᠯᠠᠭᠳᠠᠭᠰᠠᠨ ᠬᠥᠮᠥᠰ ᠨᠡᠩ ᠴᠤ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠳᠠᠬᠢᠵᠦ ᠬᠢᠯᠭᠡᠬᠦ ᠴᠢᠬᠤᠯᠠᠲᠠᠢ ᠶᠤᠮ》ᠭᠡᠵᠦ ᠳ᠋ᠠᠢ ᠯᠢᠶᠠᠨ ᠫᠠᠨ ᠬᠡᠯᠡᠪᠡ ᠃
ᠡᠭᠡᠯᠢᠯᠡᠭᠡ ᠪᠠᠨ ᠳᠠᠬᠢᠨ ᠴᠢᠩᠭᠠᠳᠬᠠᠪᠠᠯ ᠣᠨᠳᠣᠣᠰᠢᠭᠰᠠᠨ ᠸᠢᠷᠦ᠋ᠰ ᠲᠤ ᠬᠠᠯᠳᠠᠪᠤᠷᠢᠯᠠᠭᠳᠠᠬᠤ ᠶᠢ ᠪᠦᠲᠦᠮᠵᠢᠲᠡᠢ ᠰᠡᠷᠭᠡᠶᠢᠯᠡᠵᠦ ᠴᠢᠳᠠᠨ᠎ᠠ
ᠡᠭᠡᠯᠢᠯᠡᠭᠡ ᠨᠢ ᠬᠤᠪᠢ ᠪᠡᠶ᠎ᠡ ᠶᠢᠨ ᠬᠠᠯᠳᠠᠪᠤᠷᠢᠯᠠᠯ ᠤᠨ ᠠᠰᠠᠭᠤᠳᠠᠯ ᠪᠣᠯᠬᠤ ᠪᠠᠷ ᠪᠠᠷᠠᠬᠤ ᠦᠭᠡᠢ ᠂ ᠬᠠᠮᠲᠤᠯᠢᠭ ᠤᠨ ᠡᠭᠡᠯᠢᠯᠡᠭᠡ ᠶᠢ ᠪᠦᠷᠢᠯᠳᠦᠬᠦᠯᠬᠦ ᠪᠠᠷ ᠳᠠᠮᠵᠢᠨ ᠸᠢᠷᠦ᠋ᠰ ᠤᠨ ᠲᠠᠷᠬᠠᠯᠲᠠ ᠂ ᠣᠨᠳᠣᠣᠰᠢᠯ ᠵᠡᠷᠭᠡ ᠶᠢ ᠨᠥᠯᠥᠭᠡᠯᠡᠵᠦ ᠪᠣᠯᠣᠨ᠎ᠠ ᠃《ᠣᠳᠣᠬᠢ ᠱᠠᠲᠦ ᠦᠶ᠎ᠡ ᠶᠢᠨ ᠠᠨᠲ᠋ᠢᠪᠤᠳ ᠤᠨ ᠲᠦᠪᠰᠢᠨ ᠪᠦᠷᠢᠮᠦᠰᠦᠨ ᠪᠠᠭᠤᠷᠠᠭᠠᠳᠤᠢ ᠦᠶ᠎ᠡ ᠳᠤ ᠳᠠᠬᠢᠨ ᠴᠢᠩᠭᠠᠳᠬᠠᠬᠤ ᠨᠢ ᠬᠤᠪᠢ ᠬᠥᠮᠥᠨ ᠳᠤ ᠠᠰᠢᠭᠲᠠᠢ ᠪᠠᠷ ᠪᠠᠷᠠᠬᠤ ᠦᠭᠡᠢ ᠬᠠᠮᠲᠤᠯᠢᠭ ᠤᠨ ᠡᠭᠡᠯᠢᠯᠡᠭᠡ ᠶᠢ ᠪᠦᠷᠢᠯᠳᠦᠭᠦᠯᠬᠦ ᠳᠤ ᠠᠰᠢᠭᠲᠠᠢ ᠶᠤᠮ》 ᠭᠡᠵᠦ ᠳ᠋ᠠᠢ ᠯᠢᠶᠠᠨ ᠫᠠᠨ ᠬᠡᠯᠡᠬᠦ ᠳᠤ ᠪᠠᠨ᠂ ᠬᠡᠷᠪᠡ ᠣᠳᠣᠬᠠᠨ ᠳᠤ ᠬᠥᠮᠥᠰ ᠪᠦᠭᠦᠳᠡᠭᠡᠷ ᠢᠶᠠᠨ ᠡᠭᠡᠯᠢᠯᠡᠭᠡ ᠪᠠᠨ ᠤᠯᠠᠮ ᠨᠢᠭᠡ ᠠᠯᠬᠤᠮ ᠴᠢᠩᠭᠠᠳᠬᠠᠪᠠᠯ ᠂ ᠰᠢᠨ᠎ᠡ ᠲᠢᠲᠢᠮᠯᠢᠭ ᠸᠢᠷᠦ᠋ᠰ ᠤᠨ ᠣᠨᠳᠣᠣᠰᠢᠭᠰᠠᠨ ᠸᠢᠷᠦ᠋ᠰ ᠳᠠᠮᠵᠢᠭᠳᠠᠨ ᠣᠷᠣᠵᠤ ᠢᠷᠡᠭᠰᠡᠨ ᠴᠦ ᠡᠭᠡᠯᠢᠯᠡᠭᠡ ᠶᠢᠨ ᠬᠠᠯᠬᠠᠪᠴᠢ ᠶᠢᠨ ᠦᠢᠯᠡᠳᠦᠯ ᠳᠣᠣᠷ᠎ᠠ ᠸᠢᠷᠦ᠋ᠰ ᠨᠢ ᠲᠦᠷᠭᠡᠨ ᠲᠠᠷᠬᠠᠬᠤ ᠳᠤ ᠪᠡᠷᠬᠡ ᠪᠣᠯᠵᠤ ᠂ ᠬᠠᠯᠳᠠᠪᠤᠷᠢᠯᠠᠯ ᠤᠨ ᠣᠷᠭᠢᠯ ᠦᠶ᠎ᠡ ᠪᠣᠢ ᠪᠣᠯᠵᠦ ᠴᠢᠳᠠᠬᠤ ᠦᠭᠡᠢ ᠶᠤᠮ ᠭᠡᠵᠡᠢ ᠃ ᠡᠭᠦᠨ ᠠᠴᠠ ᠭᠠᠳᠠᠨ᠎ᠠ ᠂ ᠬᠠᠮᠲᠤᠯᠢᠭ ᠤᠨ ᠡᠭᠡᠯᠢᠯᠡᠭᠡ ᠶᠢ ᠰᠠᠶᠢᠲᠤᠷ ᠪᠦᠷᠢᠯᠳᠦᠭᠦᠯᠪᠠᠯ ᠂ ᠬᠥᠮᠥᠰ ᠤᠨ ᠳᠤᠮᠳᠠᠬᠢ ᠡᠭᠡᠯᠢᠯᠡᠭᠡ ᠨᠢ ᠪᠠᠭᠤᠷᠠᠢ ᠬᠠᠮᠲᠤᠯᠢᠭ ᠢ ᠴᠤ ᠠᠶᠠᠨᠳᠠᠭᠠᠨ ᠬᠠᠮᠠᠭᠠᠯᠠᠵᠤ ᠴᠢᠳᠠᠨ᠎ᠠ ᠭᠡᠵᠦ ᠳ᠋ᠠᠢ ᠯᠢᠶᠠᠨ ᠫᠠᠨ ᠲᠠᠶᠢᠯᠪᠤᠷᠢᠯᠠᠬᠤ ᠳᠤ ᠪᠠᠨ᠂ ᠡᠭᠡᠯᠢᠯᠡᠭᠡ ᠶᠢᠨ ᠬᠠᠯᠬᠠᠪᠴᠢ ᠨᠢ ᠤᠯᠠᠨ ᠰᠢᠯᠲᠠᠭᠠᠨ ᠠᠴᠠ ᠪᠣᠯᠵᠤ ᠸᠠᠺᠼᠢᠨ ᠤ ᠲᠠᠷᠢᠯᠭ᠎ᠠ ᠬᠢᠯᠭᠡᠭᠰᠡᠨ ᠦᠭᠡᠢ ᠬᠥᠮᠥᠰ ᠂ ᠡᠷᠡᠰᠳᠡᠯ ᠶᠡᠬᠡᠲᠡᠢ ᠬᠥᠮᠥᠰ ᠂ ᠨᠠᠰᠤᠲᠠᠶᠢᠴᠤᠳ ᠂ ᠣᠨᠴᠠᠭᠠᠶ ᠬᠥᠮᠥᠰ ᠵᠡᠷᠭᠡ ᠠᠮᠠᠷᠬᠠᠨ ᠬᠠᠯᠳᠠᠪᠤᠷᠢᠯᠠᠭᠳᠠᠬᠤ ᠬᠥᠮᠥᠰ ᠢ ᠬᠠᠮᠠᠭᠠᠯᠠᠵᠤ᠂ ᠸᠢᠷᠦ᠋ᠰ ᠤᠨ ᠬᠠᠯᠳᠠᠪᠤᠷᠢᠯᠠᠯ ᠠᠴᠠ ᠪᠣᠯᠤᠭᠰᠠᠨ ᠬᠤᠣᠷ ᠬᠥᠨᠥᠭᠡᠯ ᠢ ᠪᠦᠲᠦᠮᠵᠢᠲᠡᠢ ᠬᠤᠷᠢᠭᠯᠠᠵᠤ ᠴᠢᠳᠠᠨ᠎ᠠ ᠭᠡᠰᠡᠨ ᠪᠠᠶᠢᠨ᠎ᠠ᠃