ᠵᠤᠬᠢᠶᠠᠭᠴᠢ:
ᠴᠠᠭ:2023-05-19
ᠥᠵᠡᠭᠰᠡᠨ : ℃
ᠢᠷᠡᠯᠲᠡ: 《 ᠥᠪᠥᠷ ᠮᠣᠩᠭᠤᠯ ᠤᠨ ᠡᠳᠦᠷ ᠤᠨ ᠰᠣᠨᠢᠨ》
ᠰᠢ ᠶᠢᠨ ᠫᠢᠩ ᠡᠧᠷᠢᠲᠷᠧᠶᠠ ᠶᠢᠨ ᠶᠡᠷᠦᠩᠬᠡᠶᠢᠯᠡᠭᠴᠢ ᠢᠰᠠᠶᠠᠰ ᠲᠠᠢ ᠬᠡᠯᠡᠯᠴᠡᠭᠡ ᠬᠢᠪᠡ
2023 5 ᠳ᠋ᠤᠭᠠᠷ ᠰᠠᠷ᠎ᠠ ᠶᠢᠨ 15 ᠤ ᠦᠳᠡ ᠶᠢᠨ ᠬᠤᠶᠢᠨ᠎ᠠ᠂ ᠤᠯᠤᠰ ᠤᠨ ᠲᠡᠷᠢᠭᠦᠯᠡᠭᠴᠢ ᠰᠢ ᠶᠢᠨ ᠫᠢᠩ ᠠᠷᠠᠳ ᠤᠨ ᠶᠡᠭᠡ ᠬᠤᠷᠠᠯ ᠤᠨ ᠲᠠᠩᠬᠢᠮ ᠳᠤ ᠳᠤᠮᠳᠠᠳᠤ ᠤᠯᠤᠰ ᠲᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠬᠦ ᠪᠠᠷ ᠢᠷᠡᠭᠰᠡᠨ ᠡᠧᠷᠢᠲᠷᠧᠶᠠ ᠶᠢᠨ ᠶᠡᠷᠦᠩᠬᠡᠶᠢᠯᠡᠭᠴᠢ ᠢᠰᠠᠶᠠᠰ ᠲᠠᠢ ᠬᠡᠯᠡᠯᠴᠡᠭᠡ ᠬᠢᠪᠡ᠃
5 ᠳ᠋ᠤᠭᠠᠷ ᠰᠠᠷ᠎ᠠ ᠶᠢᠨ 15 ᠤ ᠦᠳᠡ ᠶᠢᠨ ᠬᠤᠶᠢᠨ᠎ᠠ᠂ ᠤᠯᠤᠰ ᠤᠨ ᠲᠡᠷᠢᠭᠦᠯᠡᠭᠴᠢ ᠰᠢ ᠶᠢᠨ ᠫᠢᠩ ᠪᠡᠭᠡᠵᠢᠩ ᠤᠨ ᠠᠷᠠᠳ ᠤᠨ ᠶᠡᠭᠡ ᠬᠤᠷᠠᠯ ᠤᠨ ᠲᠠᠩᠬᠢᠮ ᠳᠤ ᠳᠤᠮᠳᠠᠳᠤ ᠤᠯᠤᠰ ᠲᠤ ᠲᠥᠷᠥ ᠶᠢᠨ ᠶᠠᠪᠤᠳᠠᠯ ᠤᠨ ᠠᠶᠢᠯᠴᠢᠯᠠᠯᠲᠠ ᠬᠢᠬᠦ ᠪᠠᠷ ᠢᠷᠡᠭᠰᠡᠨ ᠡᠧᠷᠢᠲᠷᠧᠶᠠ ᠶᠢᠨ ᠶᠡᠷᠦᠩᠬᠡᠶᠢᠯᠡᠭᠴᠢ ᠢᠰᠠᠶᠠᠰ ᠲᠠᠢ ᠬᠡᠯᠡᠯᠴᠡᠭᠡ ᠬᠢᠪᠡ᠃
ᠰᠢ ᠶᠢᠨ ᠫᠢᠩ᠂ ᠳᠤᠮᠳᠠᠳᠤ ᠤᠯᠤᠰ ᠪᠣᠯᠣᠨ ᠡᠧᠷᠢᠲᠷᠧᠶᠠ ᠶᠢᠨ ᠤᠯᠠᠮᠵᠢᠯᠠᠯᠲᠤ ᠨᠥᠬᠦᠷᠯᠡᠯ ᠭᠦᠨ ᠵᠤᠵᠠᠭᠠᠨ ᠶᠤᠮ᠃ ᠡᠨᠡ ᠵᠢᠯ ᠤᠨ 5 ᠳ᠋ᠤᠭᠠᠷ ᠰᠠᠷ᠎ᠠ ᠶᠢᠨ 24 ᠤ ᠡᠳᠦᠷ᠂ ᠬᠤᠶᠠᠷ ᠤᠯᠤᠰ ᠬᠠᠷᠢᠯᠴᠠᠭ᠎ᠠ ᠪᠠᠶᠢᠭᠤᠯᠤᠭᠰᠠᠨ 30 ᠵᠢᠯ ᠤᠨ ᠤᠢ ᠪᠠᠨ ᠤᠭᠲᠤᠬᠤ ᠪᠣᠯᠣᠨ᠎ᠠ᠃ 30 ᠵᠢᠯ ᠤᠨ ᠲᠤᠷᠰᠢ᠂ ᠳᠤᠮᠳᠠᠳᠤ ᠡᠧᠷᠢᠲᠷᠧᠶᠠ ᠢᠮᠠᠭᠲᠠ ᠬᠠᠷᠢᠯᠴᠠᠨ ᠢᠲᠡᠭᠡᠯᠴᠡᠵᠦ᠂ ᠬᠠᠷᠢᠯᠴᠠᠨ ᠳᠡᠮᠵᠢᠭᠰᠡᠭᠡᠷ ᠢᠷᠡᠪᠡ᠃ ᠳᠤᠮᠳᠠᠳᠤ ᠤᠯᠤᠰ ᠪᠠᠶᠢᠯᠳᠤᠬᠤ ᠪᠣᠳᠣᠯᠭ᠎ᠠ ᠶᠢᠨ ᠥᠨᠳᠥᠷᠴᠡ ᠪᠣᠯᠣᠨ ᠠᠯᠤᠰ ᠭᠡᠳᠤ ᠶᠢᠨ ᠬᠠᠷᠠᠭᠠᠰᠤ ᠠᠴᠠ ᠳᠤᠮᠳᠠᠳᠤ ᠡᠧᠷᠢᠲᠷᠧᠶᠠ ᠶᠢᠨ ᠬᠠᠷᠢᠯᠴᠠᠭ᠎ᠠ ᠳᠤ ᠬᠠᠨᠳᠤᠬᠤ ᠪᠠ ᠬᠥᠭᠵᠢᠭᠦᠯᠵᠦ᠂ ᠡᠧᠷᠢᠲᠷᠧᠶᠠ ᠶᠢᠨ ᠲᠠᠯ᠎ᠠ ᠶᠢᠨ ᠨᠠᠶᠢᠳᠠᠪᠤᠷᠢᠲᠠᠢ ᠨᠠᠶᠢᠵᠠ ᠮᠥᠨ᠃ ᠣᠳᠣᠬᠠᠨ ᠤ ᠲᠣᠭᠲᠠᠭᠤᠨ ᠪᠤᠰᠤ ᠴᠢᠨᠠᠷ᠂ ᠲᠣᠬᠲᠠᠯᠭᠠᠲᠤ ᠪᠤᠰᠤ ᠴᠢᠨᠠᠷ ᠭᠦᠢᠴᠡᠳ ᠣᠷᠣᠰᠢᠵᠤ ᠪᠠᠶᠢᠭ᠎ᠠ ᠳᠡᠯᠡᠬᠡᠢ ᠶᠢᠨ ᠪᠠᠶᠢᠳᠠᠯ ᠤᠨ ᠡᠮᠦᠨ᠎ᠡ᠂ ᠳᠤᠮᠳᠠᠳᠤ ᠡᠧᠷᠢᠲᠷᠧᠶᠠ ᠶᠢᠨ ᠬᠠᠷᠢᠯᠴᠠᠭ᠎ᠠ ᠶᠢ ᠰᠠᠶᠢᠲᠤᠷ ᠬᠥᠭᠵᠢᠭᠦᠯᠬᠦ ᠨᠢ ᠬᠤᠶᠠᠷ ᠤᠯᠤᠰ ᠤᠨ ᠬᠠᠮᠲᠤ ᠶᠢᠨ ᠪᠠ ᠠᠯᠤᠰ ᠭᠡᠳᠤ ᠶᠢᠨ ᠠᠰᠢᠭ ᠲᠤᠰᠠ ᠳᠤ ᠨᠡᠶᠢᠴᠡᠬᠦ ᠪᠠᠷ ᠪᠠᠷᠠᠬᠤ ᠦᠭᠡᠢ ᠪᠠᠰᠠ ᠭᠠᠵᠠᠷ ᠣᠷᠣᠨ ᠤ ᠡᠩᠬᠡ ᠲᠠᠶᠢᠪᠤᠩ ᠪᠣᠯᠣᠨ ᠳᠡᠯᠡᠬᠡᠢ ᠶᠢᠨ ᠲᠥᠪ ᠭᠤᠣᠯᠴᠢ ᠰᠢᠳᠤᠷᠭᠤ ᠶᠣᠰᠣ ᠶᠢ ᠬᠠᠮᠠᠭᠠᠯᠠᠬᠤ ᠳᠤ ᠴᠤ ᠴᠢᠬᠤᠯᠠ ᠠᠴᠢ ᠬᠤᠯᠪᠣᠭᠳᠠᠯ ᠲᠠᠢ ᠶᠤᠮ᠃ ᠳᠤᠮᠳᠠᠳᠤ ᠤᠯᠤᠰ ᠳᠤᠷᠠᠲᠠᠶ᠎ᠠ ᠡᠧᠷᠢᠲᠷᠧᠶᠠ ᠯᠤᠭ᠎ᠠ ᠬᠤᠶᠠᠷ ᠤᠯᠤᠰ ᠤᠨ ᠨᠠᠶᠢᠵᠠ ᠪᠥᠭᠡᠳ ᠨᠥᠬᠦᠷ ᠪᠣᠯᠬᠤ ᠳᠣᠲᠣᠨᠣ ᠨᠥᠭᠦᠷᠰᠡᠭ ᠬᠠᠷᠢᠯᠴᠠᠭ᠎ᠠ ᠪᠠᠨ ᠭᠦᠨᠵᠡᠭᠡᠶᠢᠷᠡᠭᠦᠯᠵᠦ᠂ ᠳᠤᠮᠳᠠᠳᠤ ᠡᠧᠷᠢᠲᠷᠧᠶᠠ ᠶᠢᠨ ᠪᠠᠶᠢᠯᠳᠤᠬᠤ ᠪᠣᠳᠣᠯᠭ᠎ᠠ ᠶᠢᠨ ᠬᠠᠨᠢᠲᠠᠨ ᠤ ᠬᠠᠷᠢᠯᠴᠠᠭ᠎ᠠ ᠶᠢᠨ ᠲᠠᠰᠤᠷᠠᠯᠳᠠ ᠦᠭᠡᠢ ᠰᠢᠨ᠎ᠡ ᠳᠡᠭᠲᠡᠷ ᠲᠤ ᠭᠠᠷᠬᠤ ᠶᠢ ᠠᠬᠢᠭᠤᠯᠤᠨ᠎ᠠ ᠭᠡᠵᠦ ᠵᠢᠭᠠᠵᠤ ᠭᠠᠷᠭᠠᠪᠠ᠃
ᠰᠢ ᠶᠢᠨ ᠫᠢᠩ᠂ ᠳᠤᠮᠳᠠᠳᠤ ᠤᠯᠤᠰ ᠡᠧᠷᠢᠲᠷᠧᠶᠠ ᠶᠢᠨ ᠬᠢᠨ ᠤ ᠤᠷᠳᠤ ᠬᠤᠭᠤᠴᠠᠭ᠎ᠠ ᠪᠠᠷ ᠪᠡᠶ᠎ᠡ ᠪᠠᠨ ᠳᠠᠭᠠᠭᠠᠵᠤ ᠡᠵᠡᠨ ᠮᠡᠳᠡᠬᠦ ᠭᠠᠳᠠᠭᠠᠳᠤ ᠬᠠᠷᠢᠯᠴᠠᠭᠠᠨ ᠤ ᠲᠦᠷᠦ ᠶᠢᠨ ᠪᠣᠳᠣᠯᠭ᠎ᠠ ᠶᠢ ᠪᠠᠷᠢᠮᠲᠠᠯᠠᠵᠤ ᠪᠠᠶᠢᠬᠤ ᠶᠢ ᠮᠠᠭᠲᠠᠨ ᠰᠠᠶᠢᠰᠢᠶᠠᠵᠤ᠂ ᠡᠧᠷᠢᠲᠷᠧᠶᠠ ᠶᠢᠨ ᠬᠢᠨ ᠤ ᠲᠤᠰ ᠤᠯᠤᠰ ᠤᠨ ᠢᠶᠠᠨ ᠪᠠᠶᠢᠳᠠᠯ ᠳᠤ ᠨᠡᠶᠢᠴᠡᠭᠰᠡᠨ ᠬᠥᠭᠵᠢᠯᠲᠡ ᠶᠢᠨ ᠵᠠᠮ ᠢ ᠰᠦᠪᠡᠭᠴᠢᠯᠡᠬᠦ ᠶᠢ ᠡᠷᠡᠰ ᠲᠡᠮᠵᠢᠵᠤ᠂ ᠡᠧᠷᠢᠲᠷᠧᠶᠠ ᠶᠢᠨ ᠬᠢᠨ ᠤ ᠲᠤᠰ ᠪᠡᠶ᠎ᠡ ᠶᠢᠨ ᠡᠷᠬᠡ ᠮᠡᠳᠡᠯ᠂ ᠠᠮᠤᠷ ᠲᠦᠪᠰᠢᠨ᠂ ᠬᠥᠭᠵᠢᠯᠲᠡ ᠶᠢᠨ ᠠᠰᠢᠭ ᠲᠤᠰᠠ ᠪᠠᠨ ᠬᠠᠮᠠᠭᠠᠯᠠᠬᠤ ᠶᠢ ᠡᠷᠡᠰ ᠲᠡᠮᠵᠢᠵᠤ᠂ ᠭᠠᠳᠠᠭᠠᠳᠤ ᠶᠢᠨ ᠬᠢᠨ ᠤ ᠡᠧᠷᠢᠲᠷᠧᠶᠠ ᠶᠢᠨ ᠳᠣᠲᠣᠭᠠᠳᠤ ᠵᠠᠰᠠᠭ ᠲᠤ ᠭᠠᠷ ᠲᠦᠷᠦᠭᠦ᠂ ᠠᠯᠪᠠᠳᠠᠯᠭ᠎ᠠ ᠪᠠᠷ ᠭᠠᠭᠴᠠ ᠲᠠᠯ᠎ᠠ ᠶᠢᠨ ᠵᠠᠯᠬᠠᠭᠠᠯ ᠦᠵᠡᠭᠦᠯᠭᠦ ᠶᠢ ᠡᠰᠡᠷᠭᠦᠴᠡᠨ᠎ᠡ᠃ ᠳᠤᠮᠳᠠᠳᠤ ᠶᠢᠨ ᠲᠠᠯ᠎ᠠ ᠳᠤᠷᠠᠲᠠᠶ᠎ᠠ ᠡᠧᠷᠢᠲᠷᠧᠶᠠ ᠶᠢᠨ ᠲᠠᠯ᠎ᠠ ᠲᠠᠢ ᠲᠦᠷᠦ ᠶᠢ ᠵᠠᠰᠠᠵᠤ ᠵᠠᠰᠠᠭ ᠢ ᠡᠷᠭᠢᠯᠡᠭᠦ ᠲᠤᠷᠰᠢᠯᠭ᠎ᠠ ᠶᠢᠨ ᠰᠣᠯᠢᠯᠴᠠᠭ᠎ᠠ ᠥᠷᠨᠢᠭᠦᠯᠵᠦ᠂ ᠦᠷᠭᠦᠯᠵᠢᠯᠡᠨ ᠬᠠᠷᠢᠯᠴᠠᠨ ᠳᠡᠮᠵᠢᠵᠦ᠂ ᠭᠠᠭᠴᠠ ᠲᠠᠯᠠᠲᠤ ᠦᠵᠡᠯ ᠪᠣᠯᠣᠨ ᠡᠵᠡᠷᠬᠡᠬᠦ ᠠᠵᠢᠯᠯᠠᠭ᠎ᠠ ᠶᠢ ᠬᠠᠮᠲᠤ ᠪᠠᠷ ᠡᠰᠡᠷᠭᠦᠴᠡᠵᠦ᠂ ᠬᠤᠶᠠᠷ ᠤᠯᠤᠰ ᠪᠣᠯᠣᠨ ᠥᠷᠭᠡᠨ ᠤᠯᠠᠨ ᠬᠥᠭᠵᠢᠵᠦ ᠪᠠᠶᠢᠭ᠎ᠠ ᠤᠯᠤᠰ ᠤᠨ ᠬᠠᠮᠲᠤ ᠶᠢᠨ ᠠᠰᠢᠭ ᠲᠤᠰᠠ ᠶᠢ ᠬᠠᠮᠠᠭᠠᠯᠠᠨ᠎ᠠ᠃ ᠳᠤᠮᠳᠠᠳᠤ ᠤᠯᠤᠰ ᠳᠤᠷᠠᠲᠠᠶ᠎ᠠ ᠡᠧᠷᠢᠲᠷᠧᠶᠠ ᠲᠠᠢ ᠬᠠᠮᠲᠤ 《ᠨᠢᠭᠡ ᠪᠦᠰᠡ ᠨᠢᠭᠡ ᠵᠠᠮ》 ᠢ ᠬᠠᠮᠲᠤ ᠪᠠᠷ ᠪᠦᠲᠦᠭᠡᠨ ᠪᠠᠶᠢᠭᠤᠯᠬᠤ᠂ ᠳᠤᠮᠳᠠᠳᠤ ᠠᠹᠷᠢᠺᠠ ᠶᠢᠨ ᠬᠠᠮᠲᠤᠷᠠᠯᠴᠠᠭᠠᠨ ᠤ ᠶᠠᠷᠢᠶᠠᠨ ᠤ ᠲᠠᠪᠴᠠᠩ᠂ 《ᠠᠹᠷᠢᠺᠠ ᠲᠢᠪ ᠤᠨ ᠬᠤᠱᠣᠣ ᠶᠢᠨ ᠡᠩᠬᠡ ᠲᠠᠶᠢᠪᠤᠩ ᠬᠥᠭᠵᠢᠯᠲᠡ ᠶᠢᠨ ᠪᠣᠳᠣᠯᠬᠢᠯᠠᠯ》ᠵᠡᠷᠭᠡ ᠪᠦᠳᠦᠭᠦᠪᠴᠢ ᠲᠥᠰᠥᠪ ᠪᠣᠯᠣᠨ ᠲᠠᠪᠴᠠᠩ ᠢ ᠠᠰᠢᠭᠯᠠᠵᠤ᠂ ᠬᠠᠷᠢᠯᠴᠠᠨ ᠠᠰᠢᠭᠲᠠᠢ ᠬᠠᠮᠲᠤᠷᠠᠯᠴᠠᠭ᠎ᠠ ᠶᠢ ᠠᠬᠢᠭᠤᠯᠵᠤ᠂ ᠬᠠᠮᠲᠤ ᠶᠢᠨ ᠬᠥᠭᠵᠢᠯᠲᠡ ᠶᠢ ᠪᠡᠶᠡᠯᠡᠭᠦᠯᠦᠨ᠎ᠡ᠃ ᠳᠤᠮᠳᠠᠳᠤ ᠶᠢᠨ ᠲᠠᠯ᠎ᠠ ᠶᠢᠨ ᠬᠢᠨ ᠳᠤᠮᠳᠠᠳᠤ ᠤᠯᠤᠰ ᠤᠨ ᠪᠡᠯᠡᠳᠦ ᠠᠵᠤ ᠠᠬᠤᠶᠢᠯᠠᠯ ᠤᠨ ᠡᠧᠷᠢᠲᠷᠧᠶᠠ ᠳᠤ ᠬᠦᠷᠴᠦ ᠪᠡᠯᠡ ᠣᠷᠣᠭᠤᠯᠤᠨ ᠦᠢᠯᠡᠰ ᠢᠶᠠᠨ ᠬᠥᠭᠵᠢᠭᠦᠯᠬᠦ ᠶᠢ ᠵᠣᠷᠢᠭᠵᠢᠭᠤᠯᠤᠨ ᠲᠡᠮᠵᠢᠵᠤ᠂ ᠳᠤᠷᠠᠲᠠᠶ᠎ᠠ ᠡᠧᠷᠢᠲᠷᠧᠶᠠ ᠶᠢᠨ ᠲᠠᠯ᠎ᠠ ᠯᠤᠭ᠎ᠠ ᠰᠠᠭᠤᠷᠢ ᠪᠡᠯᠡᠳᠭᠡᠮᠵᠢ ᠶᠢᠨ ᠪᠦᠲᠦᠭᠡᠨ ᠪᠠᠶᠢᠭᠤᠯᠤᠯᠲᠠ᠂ ᠴᠠᠬᠢᠯᠭᠠᠨ ᠬᠤᠯᠪᠣᠭ᠎ᠠ᠂ ᠬᠥᠳᠡᠭᠡ ᠠᠵᠤ ᠠᠬᠤᠢ᠂ ᠠᠭᠤᠷᠬᠠᠢ ᠶᠢᠨ ᠦᠢᠯᠡᠰ᠂ ᠵᠢᠭᠠᠰᠤᠨ ᠠᠵᠦ ᠠᠬᠤᠢ ᠵᠡᠷᠭᠡ ᠬᠦᠷᠢᠶᠡᠨ ᠤ ᠬᠠᠮᠲᠤᠷᠠᠯᠴᠠᠭ᠎ᠠ ᠶᠢ ᠴᠢᠩᠭᠠᠳᠬᠠᠬᠤ ᠲᠤᠬᠠᠢ ᠰᠤᠳᠤᠯᠤᠨ ᠶᠠᠷᠢᠯᠴᠠᠵᠤ᠂ ᠡᠧᠷᠢᠲᠷᠧᠶᠠ ᠶᠢ ᠲᠤᠰᠠᠯᠠᠬᠤ ᠡᠮᠴᠢᠯᠡᠭᠡᠨ ᠤ ᠠᠩᠭᠢ᠂ ᠳᠡᠭᠡᠳᠦ ᠵᠡᠷᠭᠡ ᠶᠢᠨ ᠲᠠᠷᠢᠶᠠᠯᠠᠩ ᠤᠨ ᠲᠤᠰᠬᠠᠢ ᠮᠡᠷᠭᠡᠵᠢᠯᠲᠡᠨ ᠵᠡᠷᠭᠡ ᠲᠦᠷᠦᠯ ᠵᠦᠢᠯ ᠢ ᠦᠷᠭᠦᠯᠵᠢᠯᠡᠨ ᠰᠠᠶᠢᠲᠤᠷ ᠬᠡᠷᠡᠭᠵᠢᠭᠦᠯᠦᠨ᠎ᠡ᠃ ᠳᠤᠮᠳᠠᠳᠤ ᠶᠢᠨ ᠲᠠᠯ᠎ᠠ ᠶᠢᠨ ᠬᠢᠨ ᠤ ᠣᠶᠢᠷ᠎ᠠ ᠶᠢᠨ ᠬᠤᠭᠤᠴᠠᠭᠠᠨ ᠳᠤ ᠰᠦᠳᠠᠨ ᠤᠯᠤᠰ ᠲᠤ ᠪᠠᠶᠢᠭ᠎ᠠ ᠳᠤᠮᠳᠠᠳᠤ ᠤᠯᠤᠰ ᠤᠨ ᠠᠷᠠᠳ ᠢᠷᠭᠡᠳ ᠢ ᠵᠠᠶᠢᠯᠠᠭᠤᠯᠤᠨ ᠰᠢᠯᠵᠢᠭᠦᠯᠬᠦ ᠳᠤ ᠡᠧᠷᠢᠲᠷᠧᠶᠠ ᠶᠢᠨ ᠬᠠᠩᠭᠠᠭᠰᠠᠨ ᠳᠡᠮᠵᠢᠯᠭᠡ ᠪᠠ ᠬᠠᠪᠰᠤᠷᠤᠯᠭ᠎ᠠ ᠳᠤ ᠲᠠᠯᠠᠷᠬᠠᠵᠤ ᠪᠠᠶᠢᠨ᠎ᠠ᠂ ᠡᠨᠡ ᠨᠢ ᠳᠤᠮᠳᠠᠳᠤ ᠡᠧᠷᠢᠲᠷᠧᠶᠠ ᠬᠤᠶᠠᠷ ᠤᠯᠤᠰ ᠤᠨ ᠵᠢᠷᠭᠠᠯ ᠵᠣᠪᠠᠯᠠᠩ ᠢᠶᠠᠨ ᠬᠠᠮᠲᠤᠳᠬᠠᠵᠤ᠂ ᠬᠠᠷᠢᠯᠴᠠᠨ ᠬᠠᠪᠰᠤᠷᠤᠯᠴᠠᠵᠤ ᠪᠠᠶᠢᠭ᠎ᠠ ᠭᠦᠨ ᠵᠤᠵᠠᠭᠠᠨ ᠨᠥᠬᠦᠷᠯᠡᠯ ᠢ ᠳᠠᠬᠢᠨᠲᠠ ᠬᠠᠷᠠᠭᠤᠯᠵᠠᠢ᠃ ᠬᠤᠶᠠᠷ ᠲᠠᠯ᠎ᠠ ᠪᠠᠷ ᠢᠶᠠᠨ ᠨᠡᠩ ᠤᠯᠠᠨ ᠠᠷᠭ᠎ᠠ ᠬᠡᠮᠵᠢᠶ᠎ᠡ ᠠᠪᠴᠤ᠂ ᠰᠣᠶᠣᠯ ᠢᠷᠭᠡᠨᠰᠢᠯ ᠤᠨ ᠰᠣᠯᠢᠯᠴᠠᠭ᠎ᠠ ᠪᠣᠯᠣᠨ ᠠᠷᠠᠳ ᠲᠦᠮᠡᠨ ᠤ ᠬᠠᠶᠢᠷ᠎ᠠ ᠰᠡᠳᠬᠢᠯᠭᠡ ᠶᠢ ᠨᠢᠭᠲᠠᠷᠠᠭᠤᠯᠤᠶ᠎ᠠ ᠭᠡᠵᠦ ᠴᠢᠬᠤᠯᠠᠴᠢᠯᠠᠪᠠ᠃
ᠰᠢ ᠶᠢᠨ ᠫᠢᠩ᠂ ᠪᠠᠶᠢᠳᠠᠯ ᠶᠠᠭᠠᠬᠢᠵᠤ ᠬᠥᠭᠵᠢᠭᠰᠡᠨ᠂ ᠬᠠᠷᠢᠯᠴᠠᠨ ᠭᠦᠨᠳᠦᠳᠭᠡᠵᠦ᠂ ᠬᠠᠷᠢᠯᠴᠠᠨ ᠣᠶᠢᠯᠠᠭᠠᠯᠴᠠᠵᠤ᠂ ᠬᠠᠷᠢᠯᠴᠠᠨ ᠳᠡᠮᠵᠢᠵᠦ᠂ ᠬᠠᠷᠢᠯᠴᠠᠨ ᠬᠠᠪᠰᠤᠷᠤᠯᠴᠠᠬᠤ ᠪᠣᠯ ᠢᠮᠠᠭᠲᠠ ᠳᠤᠮᠳᠠᠳᠤ ᠠᠹᠷᠢᠺᠠ ᠶᠢᠨ ᠨᠥᠬᠦᠷᠯᠡᠯ ᠤᠨ ᠳᠡᠪᠢᠰᠬᠡᠷ ᠥᠩᠭᠡ ᠪᠠ ᠭᠤᠣᠯ ᠱᠤᠭᠤᠮ ᠪᠣᠯᠣᠨ᠎ᠠ᠃ ᠳᠤᠮᠳᠠᠳᠤ ᠠᠹᠷᠢᠺᠠ ᠶᠢᠨ ᠬᠠᠮᠲᠤᠷᠠᠯᠴᠠᠭ᠎ᠠ ᠨᠢ ᠬᠥᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠪᠠ ᠤᠯᠠᠨ ᠤᠯᠤᠰ ᠤᠨ ᠠᠹᠷᠢᠺᠠ ᠲᠢᠪ ᠲᠠᠬᠢ ᠬᠠᠮᠲᠤᠷᠠᠯᠴᠠᠭ᠎ᠠ ᠳᠤ ᠴᠢᠬᠤᠯᠠ ᠬᠥᠲᠥᠯᠥᠨ ᠳᠠᠭᠠᠭᠤᠯᠬᠤ ᠦᠢᠯᠡᠳᠦᠯ ᠦᠵᠡᠭᠦᠯᠵᠦ ᠪᠠᠶᠢᠨ᠎ᠠ᠃ ᠠᠹᠷᠢᠺᠠ ᠲᠢᠪ ᠪᠣᠯ ᠭᠡᠭᠡᠨ ᠰᠠᠷᠠᠭᠤᠯ ᠢᠷᠡᠭᠡᠳᠦᠢ ᠲᠠᠢ ᠬᠠᠯᠠᠭᠤᠨ ᠬᠥᠷᠥᠰᠥ ᠮᠥᠨ᠃ ᠰᠢᠨ᠎ᠡ ᠪᠠᠶᠢᠳᠠᠯ ᠳᠣᠣᠷ᠎ᠠ᠂ ᠳᠤᠮᠳᠠᠳᠤ ᠠᠹᠷᠢᠺᠠ ᠥᠩᠭᠡᠷᠡᠭᠰᠡᠨ ᠤ ᠠᠯᠢ ᠴᠤ ᠦᠶ᠎ᠡ ᠠᠴᠠ ᠢᠯᠡᠭᠦᠦ ᠪᠦᠯᠬᠦᠮᠳᠡᠯ ᠬᠠᠮᠲᠤᠷᠠᠯᠴᠠᠭ᠎ᠠ ᠪᠠᠨ ᠴᠢᠩᠭᠠᠳᠬᠠᠵᠤ᠂ ᠴᠠᠭ ᠤᠨ ᠪᠡᠷᠬᠡ ᠶᠢ ᠬᠠᠮᠲᠤ ᠪᠠᠷ ᠲᠤᠭᠤᠯᠬᠤ ᠶᠢ ᠱᠠᠭᠠᠷᠳᠠᠵᠤ ᠪᠠᠶᠢᠨ᠎ᠠ᠃ ᠳᠤᠮᠳᠠᠳᠤ ᠤᠯᠤᠰ ᠳᠤᠷᠠᠲᠠᠶ᠎ᠠ ᠠᠹᠷᠢᠺᠠ ᠲᠢᠪ ᠤᠨ ᠬᠢᠨ ᠲᠠᠢ ᠬᠠᠮᠲᠤ ᠪᠠᠷ ᠤᠯᠠᠮᠵᠢᠯᠠᠯᠲᠤ ᠨᠥᠬᠦᠷᠯᠡᠯ ᠢᠶᠠᠨ ᠪᠠᠳᠠᠷᠠᠭᠤᠯᠵᠤ᠂ ᠪᠠᠶᠢᠯᠳᠤᠬᠤ ᠪᠣᠳᠣᠯᠭ᠎ᠠ ᠶᠢᠨ ᠢᠲᠡᠭᠡᠯᠴᠡᠭᠡ ᠪᠠᠨ ᠪᠠᠬᠢᠵᠢᠭᠦᠯᠵᠦ᠂ ᠳᠤᠮᠳᠠᠳᠤ ᠤᠯᠤᠰ ᠤᠨ ᠴᠢᠨᠠᠷ ᠰᠠᠶᠢᠲᠠᠢ ᠬᠥᠭᠵᠢᠯᠲᠡ ᠪᠣᠯᠣᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠠᠹᠷᠢᠺᠠ ᠲᠢᠪ ᠤᠨ ᠬᠢᠨ ᠳᠤ ᠰᠢᠨ᠎ᠡ ᠠᠵᠠ ᠲᠣᠭᠢᠶᠠᠯ ᠬᠠᠩᠭᠠᠵᠤ᠂ ᠳᠤᠮᠳᠠᠳᠤ ᠠᠹᠷᠢᠺᠠ ᠶᠢᠨ ᠪᠣᠳᠠᠲᠠᠢ ᠶᠢ ᠡᠷᠬᠢᠮᠯᠡᠭᠰᠡᠨ ᠬᠠᠮᠲᠤᠷᠠᠯᠴᠠᠭ᠎ᠠ ᠶᠢᠨ ᠭᠦᠨᠵᠡᠭᠡᠶᠢᠷᠡᠨ ᠪᠣᠳᠠᠲᠠᠶᠢᠵᠢᠬᠤ ᠶᠢ ᠠᠬᠢᠭᠤᠯᠵᠤ᠂ ᠨᠡᠩ ᠤᠯᠠᠨ ᠰᠢᠨ᠎ᠡ ᠦᠷ᠎ᠡ ᠪᠦᠲᠦᠭᠡᠯ ᠣᠯᠵᠤ᠂ ᠨᠡᠩ ᠨᠢᠭᠲᠠ ᠳᠤᠮᠳᠠᠳᠤ ᠠᠹᠷᠢᠺᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠤᠨ᠎ᠠ ᠭᠡᠵᠦ ᠵᠢᠭᠠᠵᠤ ᠭᠠᠷᠭᠠᠪᠠ᠃
ᠢᠰᠠᠶᠠᠰ ᠳᠤᠮᠳᠠᠳᠤ ᠤᠯᠤᠰ ᠯᠤᠭ᠎ᠠ ᠶᠢᠨ ᠬᠠᠭᠠᠰ ᠵᠠᠭᠤᠨ ᠭᠠᠷᠤᠢ ᠶᠢᠨ ᠣᠨᠴᠠᠭᠠᠢ ᠬᠤᠪᠢ ᠪᠠᠷᠢᠯᠳᠤᠯᠭ᠎ᠠ ᠪᠠᠨ ᠭᠦᠨ ᠳᠤᠷᠠᠰᠤᠨ ᠰᠠᠨᠠᠭᠠᠯᠵᠠᠵᠤ᠂ ᠡᠧᠷᠢᠲᠷᠧᠶᠠ ᠶᠢᠨ ᠲᠤᠰᠠᠭᠠᠷ ᠲᠣᠭᠲᠠᠨᠢᠯ ᠪᠣᠯᠣᠨ ᠴᠢᠯᠦᠭᠡᠯᠡᠯᠲᠡ ᠶᠢ ᠣᠯᠬᠤ ᠳᠤ ᠳᠤᠮᠳᠠᠳᠤ ᠤᠯᠤᠰ ᠤᠨ ᠠᠷᠠᠳ ᠲᠦᠮᠡᠨ ᠤ ᠬᠠᠩᠭᠠᠭᠰᠠᠨ ᠡᠷᠬᠢᠮ ᠨᠠᠨᠳᠢᠨ ᠤᠶᠤᠨ ᠰᠠᠨᠠᠭ᠎ᠠ ᠪᠣᠯᠣᠨ ᠪᠣᠳᠠᠰ ᠤᠨ ᠳᠡᠮᠵᠢᠯᠭᠡ ᠶᠢ ᠡᠧᠷᠢᠲᠷᠧᠶᠠ ᠶᠢᠨ ᠠᠷᠠᠳ ᠲᠦᠮᠡᠨ ᠡᠭᠦᠷᠢᠳᠡ ᠮᠠᠷᠲᠠᠬᠤ ᠦᠭᠡᠢ ᠶᠤᠮ᠃ ᠳᠤᠮᠳᠠᠳᠤ ᠤᠯᠤᠰ ᠪᠣᠯ ᠠᠭᠤᠤ ᠶᠡᠭᠡ ᠤᠯᠤᠰ ᠮᠥᠨ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠭᠠᠰᠢ᠂ ᠶᠠᠳᠠᠭᠤ ᠬᠤᠭᠤᠰᠤᠨ ᠪᠠᠶᠢᠭᠰᠠᠨ ᠠᠴᠠ ᠪᠠᠨ ᠳᠡᠯᠡᠬᠡᠢ ᠶᠢᠨ ᠲᠣᠮᠣ ᠤᠯᠤᠰ ᠪᠣᠯᠵᠤ᠂ ᠬᠥᠮᠥᠨ ᠲᠥᠷᠥᠯᠬᠢᠲᠡᠨ ᠤ ᠡᠩᠬᠡ ᠲᠠᠶᠢᠪᠤᠩ ᠪᠠ ᠬᠥᠭᠵᠢᠯᠲᠡ ᠳᠤ ᠭᠠᠷᠮᠠᠭᠠᠢ ᠬᠤᠪᠢ ᠨᠡᠮᠡᠷᠢ ᠦᠵᠡᠭᠦᠯᠪᠡ᠃ ᠳᠤᠮᠳᠠᠳᠤ ᠤᠯᠤᠰ ᠢᠮᠠᠭᠲᠠ ᠶᠣᠰᠣ ᠵᠢᠷᠤᠮ ᠤᠨ ᠥᠨᠳᠥᠷ ᠪᠠᠶᠢᠷᠢ ᠶᠢ ᠡᠵᠡᠯᠡᠵᠦ᠂ ᠳᠡᠯᠡᠬᠡᠢ ᠳ᠋ᠠᠬᠢᠨ ᠳᠤ ᠲᠤᠯᠭᠠᠷᠠᠵᠤ ᠪᠠᠶᠢᠭ᠎ᠠ ᠥᠷᠢᠰᠦᠯᠳᠦᠭᠡᠨ ᠢ ᠰᠢᠢᠳᠪᠦᠷᠢᠯᠡᠬᠦ ᠳᠤ ᠳᠤᠮᠳᠠᠳᠤ ᠤᠯᠤᠰ ᠤᠨ ᠲᠥᠰᠥᠯ ᠢ ᠳᠤᠷᠠᠳᠴᠤ᠂ ᠳᠡᠯᠡᠬᠡᠢ ᠳᠡᠭᠡᠷ᠎ᠡ ᠲᠥᠪ ᠭᠤᠣᠯᠴᠢ ᠰᠢᠳᠤᠷᠭᠤ ᠶᠣᠰᠣ ᠶᠢ ᠪᠠᠷᠢᠮᠲᠠᠯᠠᠵᠤ᠂ ᠲᠤᠰᠠᠭᠠᠷ ᠲᠣᠭᠲᠠᠨᠢᠯ ᠪᠠ ᠬᠥᠭᠵᠢᠯᠲᠡ ᠶᠢ ᠡᠷᠢᠯᠬᠢᠯᠡᠵᠦ ᠪᠠᠶᠢᠭ᠎ᠠ ᠬᠥᠭᠵᠢᠵᠦ ᠪᠠᠶᠢᠭ᠎ᠠ ᠤᠯᠤᠰ ᠤᠳ ᠢ ᠵᠣᠷᠢᠭᠵᠢᠭᠤᠯᠵᠤ ᠪᠠᠶᠢᠨ᠎ᠠ᠃ ᠳᠤᠮᠳᠠᠳᠤ ᠤᠯᠤᠰ ᠤᠨ ᠬᠥᠭᠵᠢᠯᠲᠡ ᠶᠢ ᠬᠤᠷᠢᠭᠯᠠᠬᠤ ᠶᠠᠮᠠᠷᠪᠠ ᠭᠤᠷᠢᠳᠠᠯᠭ᠎ᠠ ᠴᠥᠮ ᠢᠯᠠᠭᠳᠠᠬᠤ ᠨᠢ ᠯᠠᠪᠲᠠᠢ᠃ ᠣᠳᠣᠬᠠᠨ ᠳᠤ ᠳᠡᠯᠡᠬᠡᠢ ᠶᠢᠨ ᠡᠮᠬᠢ ᠳᠢᠭᠯᠢᠮ ᠤᠨ ᠬᠤᠪᠢᠰᠤᠯᠲᠠ ᠵᠠᠩᠭᠢᠯᠠᠭ᠎ᠠ ᠶᠢᠨ ᠬᠤᠭᠤᠴᠠᠭᠠᠨ ᠳᠤ ᠣᠷᠣᠰᠢᠵᠤ᠂ ᠠᠹᠷᠢᠺᠠ ᠲᠢᠪ ᠤᠨ ᠤᠯᠤᠰ ᠤᠳ ᠮᠥᠨ ᠬᠦ ᠡᠵᠡᠷᠬᠡᠬᠦ ᠦᠵᠡᠯ ᠪᠣᠯᠣᠨ ᠡᠯ᠎ᠡ ᠵᠦᠢᠯ ᠤᠨ ᠡᠷᠬᠡ ᠲᠡᠭᠰᠢ ᠪᠤᠰᠤ ᠲᠥᠪ ᠭᠤᠣᠯᠴᠢ ᠪᠤᠰᠤ ᠪᠠᠶᠢᠳᠠᠯ ᠳᠤ ᠲᠤᠯᠭᠠᠷᠠᠵᠤ᠂ ᠳᠡᠯᠡᠬᠡᠢ ᠨᠡᠶᠢᠭᠡᠮ ᠢᠶᠠᠷ ᠢᠶᠠᠨ ᠳᠤᠮᠳᠠᠳᠤ ᠤᠯᠤᠰ ᠤᠨ ᠬᠥᠮᠥᠨ ᠲᠥᠷᠥᠯᠬᠢᠲᠡᠨ ᠤ ᠬᠥᠭᠵᠢᠯᠲᠡ ᠲᠠᠪᠰᠢᠯᠳᠠ ᠪᠣᠯᠣᠨ ᠳᠡᠯᠡᠬᠡᠢ ᠶᠢᠨ ᠲᠥᠪ ᠭᠤᠣᠯᠴᠢ ᠰᠢᠳᠤᠷᠭᠤ ᠶᠣᠰᠣᠨ ᠤ ᠲᠥᠯᠥᠭᠡ ᠨᠡᠩ ᠶᠡᠭᠡ ᠬᠤᠪᠢ ᠨᠡᠮᠡᠷᠢ ᠦᠵᠡᠭᠦᠯᠭᠦ ᠶᠢ ᠬᠦᠰᠡᠵᠦ ᠪᠠᠶᠢᠬᠤ ᠪᠥᠭᠡᠳ ᠢᠲᠡᠭᠡᠵᠦ ᠪᠠᠶᠢᠨ᠎ᠠ᠃ ᠡᠧᠷᠢᠲᠷᠧᠶᠠ ᠶᠢᠨ ᠬᠢᠨ ᠳᠤᠮᠳᠠᠳᠤ ᠤᠯᠤᠰ ᠯᠤᠭ᠎ᠠ ᠬᠠᠮᠲᠤᠷᠠᠯᠴᠠᠭ᠎ᠠ ᠪᠠᠨ ᠴᠢᠩᠭᠠᠳᠬᠠᠬᠤ ᠶᠢ ᠬᠦᠰᠡᠵᠦ ᠪᠠᠶᠢᠨ᠎ᠠ᠂ ᠡᠧᠷᠢᠲᠷᠧᠶᠠ ᠳᠤᠮᠳᠠᠳᠤ ᠶᠢᠨ ᠪᠠᠶᠢᠯᠳᠤᠬᠤ ᠪᠣᠳᠣᠯᠭ᠎ᠠ ᠶᠢᠨ ᠬᠠᠨᠢᠲᠠᠨ ᠤ ᠬᠠᠷᠢᠯᠴᠠᠭ᠎ᠠ ᠡᠧᠷᠢᠲᠷᠧᠶᠠ ᠶᠢᠨ ᠤᠯᠤᠰ ᠤᠨ ᠠᠵᠤ ᠠᠬᠤᠢ ᠨᠡᠶᠢᠭᠡᠮ ᠤᠨ ᠬᠥᠭᠵᠢᠯᠲᠡ ᠪᠠᠨ ᠪᠡᠶᠡᠯᠡᠭᠦᠯᠬᠦ ᠳᠤ ᠬᠦᠴᠦᠨ ᠨᠡᠮᠡᠷᠢᠯᠡᠬᠦ ᠶᠢ ᠢᠲᠡᠭᠡᠵᠦ ᠪᠠᠶᠢᠨ᠎ᠠ ᠭᠡᠵᠦ ᠢᠯᠡᠳᠬᠡᠪᠡ᠃
ᠬᠡᠯᠡᠯᠴᠡᠭᠡ ᠬᠢᠬᠦ ᠠᠴᠠ ᠡᠮᠦᠨ᠎ᠡ᠂ ᠰᠢ ᠶᠢᠨ ᠫᠢᠩ ᠠᠷᠠᠳ ᠤᠨ ᠶᠡᠭᠡ ᠬᠤᠷᠠᠯ ᠤᠨ ᠲᠠᠩᠬᠢᠮ ᠤᠨ ᠵᠡᠭᠦᠨ ᠡᠭᠦᠳᠡᠨ ᠤ ᠭᠠᠳᠠᠨᠠᠬᠢ ᠠᠭᠤᠳᠠᠮ ᠲᠠᠯᠠᠪᠠᠢ ᠳᠤ ᠢᠰᠠᠶᠠᠰ ᠢ ᠤᠭᠲᠤᠬᠤ ᠶᠣᠰᠣᠯᠠᠯ ᠶᠠᠪᠤᠭᠤᠯᠪᠠ᠃
ᠢᠰᠠᠶᠠᠰ ᠬᠦᠷᠴᠦ ᠢᠷᠡᠬᠦ ᠦᠶ᠎ᠡ ᠳᠤ ᠶᠣᠰᠣᠯᠠᠯ ᠤᠨ ᠴᠡᠷᠢᠭ ᠮᠥᠷᠯᠡᠨ ᠵᠣᠭᠰᠣᠵᠤ ᠶᠣᠰᠣᠯᠠᠪᠠ᠃ ᠬᠤᠶᠠᠷ ᠤᠯᠤᠰ ᠤᠨ ᠲᠡᠷᠢᠭᠦᠨ ᠰᠢᠯᠭᠠᠨ ᠦᠵᠡᠬᠦ ᠲᠠᠶᠢᠰᠠᠨ ᠳᠤ ᠭᠠᠷᠴᠤ᠂ ᠴᠡᠷᠢᠭ ᠤᠨ ᠬᠥᠭᠵᠢᠮ ᠤᠨ ᠪᠦᠯᠬᠦᠮ ᠳᠤᠮᠳᠠᠳᠤ ᠡᠧᠷᠢᠲᠷᠧᠶᠠ ᠬᠤᠶᠠᠷ ᠤᠯᠤᠰ ᠤᠨ ᠤᠯᠤᠰ ᠤᠨ ᠰᠦᠯᠳᠡ ᠳᠠᠭᠤᠤ ᠶᠢ ᠬᠥᠭᠵᠢᠮᠳᠡᠵᠦ᠂ ᠲᠢᠶᠠᠨ ᠠᠨ ᠮᠧᠨ ᠲᠠᠯᠠᠪᠠᠢ ᠳᠤ ᠶᠣᠰᠣᠯᠠᠯ ᠤᠨ ᠫᠤᠤ ᠶᠢ 21 ᠳᠤᠤᠭᠠᠷᠭᠠᠪᠠ᠃ ᠢᠰᠠᠶᠠᠰ ᠰᠢ ᠶᠢᠨ ᠫᠢᠩ ᠤᠨ ᠪᠠᠷ᠎ᠠ ᠪᠤᠯᠤᠯᠭ᠎ᠠ ᠲᠠᠢ ᠪᠠᠷ ᠳᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ ᠶᠣᠰᠣᠯᠠᠯ ᠤᠨ ᠠᠩᠭᠢ ᠶᠢ ᠰᠢᠯᠭᠠᠨ ᠦᠵᠡᠭᠰᠡᠨ ᠪᠥᠭᠡᠳ ᠵᠢᠭᠰᠠᠭᠠᠯ ᠢ ᠰᠣᠨᠢᠷᠬᠠᠪᠠ᠃
ᠲᠤᠰ ᠣᠷᠣᠢ᠂ ᠰᠢ ᠶᠢᠨ ᠫᠢᠩ ᠠᠷᠠᠳ ᠤᠨ ᠶᠡᠭᠡ ᠬᠤᠷᠠᠯ ᠤᠨ ᠲᠠᠩᠬᠢᠮ ᠤᠨ ᠠᠯᠲᠠᠨ ᠰᠢᠷᠭᠠᠯ ᠶᠡᠭᠡ ᠲᠢᠩᠬᠢᠮ ᠳᠤ ᠢᠰᠠᠶᠠᠰ ᠢ ᠤᠭᠲᠤᠬᠤ ᠳᠠᠶᠢᠯᠠᠯᠭ᠎ᠠ ᠬᠢᠵᠡᠢ᠃
ᠸᠠᠩ ᠢ᠂ ᠴᠢᠨ ᠭᠠᠩ ᠨᠠᠷ ᠳᠡᠭᠡᠷᠡᠬᠢ ᠠᠵᠢᠯᠯᠠᠭ᠎ᠠ ᠳᠤ ᠣᠷᠣᠯᠴᠠᠪᠠ᠃