ᠵᠤᠬᠢᠶᠠᠭᠴᠢ:
ᠴᠠᠭ:2023-07-21
ᠥᠵᠡᠭᠰᠡᠨ : ℃
ᠢᠷᠡᠯᠲᠡ: 《 ᠥᠪᠥᠷ ᠮᠣᠩᠭᠤᠯ ᠤᠨ ᠡᠳᠦᠷ ᠤᠨ ᠰᠣᠨᠢᠨ》
ᠤᠯᠤᠰ ᠤᠨ ᠲᠡᠷᠢᠭᠦᠯᠡᠭᠴᠢ ᠰᠢ ᠶᠢᠨ ᠫᠢᠩ ᠭᠠᠳᠠᠭᠠᠳᠤ ᠳᠤ ᠰᠠᠭᠤᠬᠤ ᠡᠯᠴᠢᠨ ᠰᠠᠶᠢᠳ ᠢ ᠲᠣᠮᠢᠯᠠᠵᠤ ᠪᠠᠭᠤᠯᠭᠠᠪᠠ
ᠰᠢᠨᠬᠤᠸᠠ ᠬᠤᠷᠢᠶ᠎ᠠ ᠶᠢᠨ ᠪᠡᠭᠡᠵᠢᠩ ᠤᠨ 2023 7 ᠰᠠᠷ᠎ᠠ ᠶᠢᠨ 17 ᠤ ᠴᠠᠬᠢᠯᠭᠠᠨ ᠮᠡᠳᠡᠭᠡ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠰᠢ ᠶᠢᠨ ᠫᠢᠩ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠲᠣᠭᠲᠠᠭᠠᠯ ᠢ ᠦᠨᠳᠦᠰᠦᠯᠡᠨ ᠳᠣᠣᠷᠠᠬᠢ ᠭᠠᠳᠠᠭᠠᠳᠤ ᠳᠤ ᠰᠠᠭᠤᠬᠤ ᠡᠯᠴᠢᠨ ᠰᠠᠶᠢᠳ ᠢ ᠲᠣᠮᠢᠯᠠᠵᠤ ᠪᠠᠭᠤᠯᠭᠠᠪᠠ᠄
ᠨᠢᠭᠡ᠂ ᠬᠤᠸᠠᠩ ᠵᠧᠩ ᠢ ᠮᠢᠺᠷᠥᠨᠧᠰᠢᠶᠠ ᠶᠢᠨ ᠬᠤᠯᠪᠤᠭᠠᠨ ᠳᠤ ᠰᠠᠭᠤᠭ᠎ᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠣᠨᠴᠠ ᠲᠣᠮᠢᠯᠠᠭᠰᠠᠨ ᠪᠦᠷᠢᠨ ᠡᠷᠬᠡᠲᠦ ᠡᠯᠴᠢᠨ ᠰᠠᠶᠢᠳ ᠤᠨ ᠲᠤᠰᠢᠶᠠᠯ ᠠᠴᠠ ᠨᠢ ᠪᠠᠭᠤᠯᠭᠠᠪᠠ ᠃ ᠡᠦ ᠸᠧᠢ ᠶᠢ ᠮᠢᠺᠷᠥᠨᠧᠰᠢᠶᠠ ᠶᠢᠨ ᠬᠤᠯᠪᠤᠭᠠᠨ ᠳᠤ ᠰᠠᠭᠤᠬᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠣᠨᠴᠠ ᠲᠣᠮᠢᠯᠠᠭᠰᠠᠨ ᠪᠦᠷᠢᠨ ᠡᠷᠬᠡᠲᠦ ᠡᠯᠴᠢᠨ ᠰᠠᠶᠢᠳ ᠤᠨ ᠲᠤᠰᠢᠶᠠᠯ ᠳᠤ ᠲᠣᠮᠢᠯᠠᠪᠠ᠃
ᠬᠤᠶᠠᠷ᠂ ᠵᠢᠶᠠᠩ ᠶᠠᠨ ︵ᠡᠮᠡᠭᠲᠡᠢ︶ ᠢ ᠪᠦᠭᠦᠳᠡ ᠨᠡᠶᠢᠷᠠᠮᠳᠠᠬᠤ ᠦᠽᠪᠧᠺᠰᠲ᠋ᠠᠨ ᠤᠯᠤᠰ ᠲᠤ ᠰᠠᠭᠤᠭ᠎ᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠣᠨᠴᠠ ᠲᠣᠮᠢᠯᠠᠭᠰᠠᠨ ᠪᠦᠷᠢᠨ ᠡᠷᠬᠡᠲᠦ ᠡᠯᠴᠢᠨ ᠰᠠᠶᠢᠳ ᠤᠨ ᠲᠤᠰᠢᠶᠠᠯ ᠠᠴᠠ ᠨᠢ ᠪᠠᠭᠤᠯᠭᠠᠪᠠ ᠃ ᠢᠤᠢ ᠵᠢᠶᠦ᠋ᠨ ᠢ ᠪᠦᠭᠦᠳᠡ ᠨᠡᠶᠢᠷᠠᠮᠳᠠᠬᠤ ᠦᠽᠪᠧᠺᠰᠲ᠋ᠠᠨ ᠤᠯᠤᠰ ᠲᠤ ᠰᠠᠭᠤᠬᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠣᠨᠴᠠ ᠲᠣᠮᠢᠯᠠᠭᠰᠠᠨ ᠪᠦᠷᠢᠨ ᠡᠷᠬᠡᠲᠦ ᠡᠯᠴᠢᠨ ᠰᠠᠶᠢᠳ ᠤᠨ ᠲᠤᠰᠢᠶᠠᠯ ᠳᠤ ᠲᠣᠮᠢᠯᠠᠪᠠ᠃