ᠵᠤᠬᠢᠶᠠᠭᠴᠢ:
ᠴᠠᠭ:2025-01-03
ᠥᠵᠡᠭᠰᠡᠨ : ℃
ᠢᠷᠡᠯᠲᠡ: ᠥᠪᠥᠷ ᠮᠣᠩᠭᠤᠯ ᠤᠨ
ᠰᠢᠨ᠎ᠡ ᠣᠨ ᠤ ᠰᠢ ᠵᠦᠴᠦᠭᠡ ᠶᠢᠨ ᠦᠳᠡᠰᠢᠯᠡᠭᠡ ᠪᠡᠭᠡᠵᠢᠩ ᠳᠤ ᠶᠠᠪᠤᠭᠳᠠᠪᠠ ᠰᠢ ᠶᠢᠨ ᠫᠢᠩ ᠯᠢ ᠴᠢᠶᠠᠩ ᠵᠤᠤ ᠯᠧ ᠵᠢᠢ ᠸᠠᠩ ᠬᠤ᠋ ᠨᠢᠩ ᠼᠠᠢ ᠴᠢ ᠳ᠋ᠢᠩ ᠰᠢᠤᠸᠠᠢ ᠰᠢᠶᠠᠩ ᠯᠢ ᠰᠢ ᠬᠠᠨ ᠵᠧᠩ ᠨᠠᠷ ᠰᠣᠨᠢᠷᠬᠠᠵᠠᠢ
ᠰᠢᠨᠬᠤᠸᠠ ᠬᠤᠷᠢᠶ᠎ᠠ ᠶᠢᠨ ᠪᠡᠭᠡᠵᠢᠩ ᠤᠨ 2024 12 ᠰᠠᠷ᠎ᠠ ᠶᠢᠨ 30 ᠤ ᠴᠠᠭᠢᠯᠭᠠᠨ ᠮᠡᠳᠡᠭᠡ 2025 ᠣᠨ ᠤ ᠰᠢᠨ᠎ᠡ ᠣᠨ ᠤ ᠰᠢ ᠵᠦᠴᠦᠭᠡ ᠶᠢᠨ ᠦᠳᠡᠰᠢᠯᠡᠭᠡ 30 ᠤ ᠣᠷᠣᠢ ᠤᠯᠤᠰ ᠤᠨ ᠶᠡᠭᠡ ᠲᠢᠶᠠᠲᠷ ᠲᠤ ᠶᠠᠪᠤᠭᠳᠠᠪᠠ᠃ ᠨᠠᠮ ᠪᠣᠯᠣᠨ ᠲᠦᠷᠦ ᠶᠢᠨ ᠤᠳᠤᠷᠢᠳᠬᠤ ᠬᠥᠮᠥᠰ ᠰᠢ ᠶᠢᠨ ᠫᠢᠩ᠂ ᠯᠢ ᠴᠢᠶᠠᠩ᠂ ᠵᠤᠤ ᠯᠧ ᠵᠢᠢ᠂ ᠸᠠᠩ ᠬᠤ᠋ ᠨᠢᠩ᠂ ᠼᠠᠢ ᠴᠢ᠂ ᠳ᠋ᠢᠩ ᠰᠢᠤᠸᠠᠢ ᠰᠢᠶᠠᠩ᠂ ᠯᠢ ᠰᠢ᠂ ᠬᠠᠨ ᠵᠧᠩ ᠨᠠᠷ ᠨᠡᠶᠢᠰᠯᠡᠯ ᠤᠨ ᠡᠯ᠎ᠡ ᠡᠲᠡᠭᠡᠳ ᠤᠨ ᠤᠯᠠᠨ ᠲᠦᠮᠡᠨ ᠲᠠᠢ ᠬᠠᠮᠲᠤ ᠲᠣᠬᠯᠠᠯᠲᠠ ᠶᠢ ᠰᠣᠨᠢᠷᠬᠠᠵᠤ᠂ ᠰᠢᠨ᠎ᠡ ᠣᠨ ᠢ ᠪᠠᠶᠠᠷᠯᠠᠨ ᠤᠭᠲᠤᠵᠠᠢ᠃
ᠦᠳᠡᠰᠢ ᠶᠢᠨ ᠪᠦᠷᠦᠢ ᠶᠢᠨ ᠤᠯᠤᠰ ᠤᠨ ᠶᠡᠭᠡ ᠲᠢᠶᠠᠲᠷ ᠲᠤ ᠥᠩᠭᠡᠲᠦ ᠳ᠋ᠧᠩ ᠳᠤᠸᠠᠯᠠᠵᠤ᠂ ᠲᠢᠶᠠᠲᠷ ᠲᠤ ᠭᠦᠷ ᠬᠥᠭᠵᠢᠶᠡᠨ ᠢᠶᠠᠷ ᠪᠢᠯᠬᠠᠨ᠎ᠠ᠃ 19 ᠴᠠᠭ 45 ᠦᠶ᠎ᠡ ᠪᠠᠷ᠂ ᠰᠢ ᠶᠢᠨ ᠫᠢᠩ ᠵᠡᠷᠭᠡ ᠨᠠᠮ ᠪᠣᠯᠣᠨ ᠲᠦᠷᠦ ᠶᠢᠨ ᠤᠳᠤᠷᠢᠳᠬᠤ ᠬᠥᠮᠥᠰ ᠦᠳᠡᠰᠢᠯᠡᠭᠡ ᠶᠢᠨ ᠠᠬᠤᠢ ᠲᠠᠯᠠᠪᠠᠢ ᠳᠤ ᠢᠷᠡᠵᠤ᠂ ᠲᠣᠬᠯᠠᠯᠲᠠ ᠰᠣᠨᠢᠷᠬᠠᠬᠤ ᠪᠠᠷ ᠢᠷᠡᠭᠰᠡᠨ ᠰᠢ ᠵᠦᠴᠦᠭᠡ ᠶᠢᠨ ᠡᠲᠡᠭᠡᠳ ᠤᠨ ᠤᠷᠠᠯᠢᠭᠴᠢᠳ ᠤᠨ ᠲᠥᠯᠥᠭᠡᠯᠡᠭᠴᠢᠳ ᠲᠠᠢ ᠳᠣᠲᠣᠨᠣ ᠪᠠᠷ ᠭᠠᠷ ᠠᠳᠬᠤᠵᠤ᠂ ᠬᠠᠷᠢᠯᠴᠠᠨ ᠮᠡᠨᠳᠦᠴᠢᠯᠡᠵᠦ᠂ ᠲᠠᠯᠠᠪᠠᠢ ᠳᠠᠶᠠᠭᠠᠷ ᠨᠢᠵᠢᠭᠢᠨᠡᠲᠡᠯ᠎ᠡ ᠠᠯᠠᠭ᠎ᠠ ᠲᠠᠰᠢᠵᠠᠭᠠᠪᠠ᠃
ᠢᠷᠠᠭᠤ ᠠᠶᠠᠯᠭᠤ ᠤᠶᠠᠩᠭᠠᠲᠤ ᠬᠥᠭᠵᠢᠮ ᠢᠶᠠᠷ ᠢᠶᠠᠨ ᠰᠢᠨ᠎ᠡ ᠣᠨ ᠢᠶᠠᠨ ᠤᠭᠲᠤᠵᠤ᠂ ᠡᠷᠲᠡᠨ ᠡᠳᠦᠭᠡ ᠶᠢᠨ ᠳᠠᠭᠤᠤ ᠡᠭᠡᠰᠢᠭ ᠢᠶᠠᠷ ᠢᠶᠠᠨ ᠠᠤᠭ᠎ᠠ ᠦᠢᠯᠡᠰ ᠢᠶᠠᠨ ᠳᠠᠭᠤᠯᠠᠨ᠎ᠠ᠃《ᠬᠦᠷᠢᠶᠡᠯᠡᠩ ᠳᠦᠭᠦᠷᠡᠩ ᠥᠨᠢᠷ ᠴᠡᠴᠡᠭ ᠢᠶᠠᠷ ᠰᠢᠨ᠎ᠡ ᠵᠢᠯ ᠢᠶᠠᠨ ᠤᠭᠲᠤᠶ᠎ᠠ》ᠭᠡᠬᠦ ᠪᠠᠶᠠᠷ ᠪᠠᠶᠠᠰᠬᠤᠯᠠᠩ ᠲᠠᠢ ᠠᠶ᠎ᠠ ᠬᠥᠭᠵᠢᠮ ᠢᠶᠠᠷ ᠦᠳᠡᠰᠢᠯᠡᠭᠡ ᠶᠢ ᠡᠬᠢᠯᠡᠭᠦᠯᠪᠡ᠃《ᠪᠡᠭᠡᠵᠢᠩ ᠵᠦᠴᠦᠭᠡ ᠶᠢᠨ ᠤᠷᠤᠰᠬᠠᠯ ᠪᠦᠯᠦᠭ ᠨᠦᠭᠦᠳ ᠤᠨ ᠦᠵᠡᠭᠦᠯᠭᠡ》ᠨᠢ ᠤᠷᠤᠰᠤᠮ᠎ᠠ ᠰᠠᠶᠢᠬᠠᠨ ᠴᠥᠷᠬᠡᠯᠡᠭᠡ ᠲᠤᠬᠯᠠᠯᠳᠠ ᠪᠠᠷ ᠪᠡᠭᠡᠵᠢᠩ ᠵᠦᠴᠦᠭᠡ ᠶᠢᠨ ᠤᠷᠠᠯᠢᠭ ᠤᠨ ᠰᠠᠯᠠᠭ᠎ᠠ ᠨᠠᠮᠠᠭ᠎ᠠ ᠡᠯᠪᠡᠭ ᠪᠠᠶᠠᠯᠢᠭ ᠪᠠᠶᠢᠬᠤ ᠶᠢ ᠬᠠᠷᠠᠭᠤᠯᠪᠠ᠃ ᠪᠡᠭᠡᠵᠢᠩ ᠵᠦᠴᠦᠭᠡ《ᠴᠢᠨ ᠰᠢᠶᠠᠩ ᠯᠢᠶᠠᠨ》᠂ ᠺᠦᠨᠱᠠᠨ ᠵᠦᠴᠦᠭᠡ《ᠰᠢ ᠰᠢᠶᠠᠩ ᠵᠢᠢ》᠂ ᠫᠢᠩᠵᠢᠦᠢ ᠵᠦᠴᠦᠭᠡ《ᠯᠢᠦ ᠴᠢᠶᠣᠤ ᠡᠯ》᠂ ᠬᠤᠸᠠᠩᠮᠸᠢ ᠵᠦᠴᠦᠭᠡ《ᠳᠠᠭᠢᠨᠢ ᠡᠬᠡᠨᠡᠷ》ᠵᠡᠷᠭᠡ ᠨᠢ ᠲᠤᠰ ᠲᠤᠰ ᠤᠨ ᠦᠨᠦᠷ ᠠᠮᠲᠠ ᠲᠠᠢ ᠪᠠᠶᠢᠵᠤ᠂ ᠦᠵᠡᠭᠴᠢᠳ ᠲᠤ ᠰᠣᠩᠭᠤᠳᠠᠭ ᠦᠯᠢᠭᠡᠷ ᠳᠤᠮᠳᠠ ᠠᠴᠠ ᠰᠢᠯᠢᠳᠡᠭ ᠤᠯᠠᠮᠵᠢᠯᠠᠯᠲᠤ ᠤᠷᠠᠯᠢᠭ ᠤᠨ ᠳᠣᠲᠣᠭᠠᠳᠤ ᠠᠭᠤᠯᠤᠭᠳᠠᠬᠤᠨ ᠤ ᠷᠢᠳᠢ ᠰᠢᠳᠢ ᠶᠢ ᠮᠡᠳᠡᠷᠡᠭᠦᠯᠪᠡ᠃ ᠪᠡᠭᠡᠵᠢᠩ ᠵᠦᠴᠦᠭᠡ 《ᠱᠠ ᠵᠢᠶᠠ ᠪᠠᠩ · ᠤᠷᠠᠨ ᠠᠷᠭ᠎ᠠ ᠪᠠᠷ ᠲᠡᠮᠡᠴᠡᠭᠰᠡᠨ ᠨᠢ》ᠪᠠ《ᠶᠠᠩ ᠣᠪᠣᠭᠲᠠᠨ ᠤ ᠡᠮᠡᠭᠲᠡᠢ ᠵᠠᠩᠵᠤᠨ》 ᠤ ᠰᠣᠩᠭᠤᠮᠠᠯ ᠬᠡᠰᠡᠭ ᠨᠢ ᠪᠠᠭᠠᠲᠤᠷᠯᠢᠭ ᠬᠥᠮᠥᠰ ᠤᠨ ᠤᠯᠤᠰ ᠢᠶᠠᠨ ᠬᠠᠶᠢᠷᠠᠯᠠᠬᠤ ᠬᠠᠶᠢᠷ᠎ᠠ ᠰᠡᠳᠬᠢᠯᠭᠡ ᠶᠢ ᠠᠮᠢᠳᠤᠯᠢᠭ ᠢᠶᠠᠷ ᠢᠯᠡᠷᠡᠭᠦᠯᠪᠡ᠃ ᠪᠡᠭᠡᠵᠢᠩ ᠵᠦᠴᠦᠭᠡ《ᠮᠢᠨ ᠹᠠᠩ ᠯᠧᠢ · ᠲᠠᠭᠢᠨ ᠦᠯᠤ ᠰᠠᠯᠤᠯᠴᠠᠨᠠ》《ᠠᠭᠤᠯᠠᠨ ᠴᠡᠴᠡᠭ ᠮᠢᠷᠠᠯᠵᠠᠨ ᠳᠡᠯᠭᠡᠷᠡᠨᠡᠮ – ᠦᠨᠳᠦᠰᠦᠲᠡᠨ ᠤ ᠣᠷᠣᠨ ᠤ ᠰᠢ ᠵᠦᠴᠦᠭᠡ ᠶᠢᠨ ᠰᠣᠩᠭᠤᠮᠠᠯ ᠬᠡᠰᠡᠭ》ᠨᠢ ᠡᠷᠲᠡᠨ ᠤ ᠵᠦᠴᠦᠭᠡ ᠶᠢᠨ ᠲᠦᠷᠦᠯ ᠢᠶᠠᠷ ᠤᠳᠤ ᠦᠶ᠎ᠡ ᠶᠢᠨ ᠰᠡᠳᠦᠪᠯᠡᠬᠦᠨ ᠢ ᠲᠣᠭᠯᠠᠵᠤ᠂ ᠰᠢᠨ᠎ᠡ ᠰᠣᠷᠭᠤᠭ ᠴᠠᠭ ᠦᠶ᠎ᠡ ᠶᠢᠨ ᠠᠭᠤᠷ ᠠᠮᠢᠰᠬᠤᠯ ᠪᠣᠯᠣᠨ ᠪᠠᠶᠠᠯᠢᠭ ᠰᠠᠶᠢᠬᠠᠨ ᠦᠨᠳᠦᠰᠦᠲᠡᠨ ᠤ ᠵᠠᠩ ᠦᠢᠯᠡ ᠶᠢ ᠢᠯᠡᠷᠡᠭᠦᠯᠪᠡ᠃ ᠪᠡᠭᠡᠵᠢᠩ ᠵᠦᠴᠦᠭᠡ ᠺᠦᠨᠱᠠᠨ ᠵᠦᠴᠦᠭᠡ ᠶᠢᠨ ᠪᠠᠭᠠᠴᠤᠳ ᠬᠡᠦᠬᠡᠳ ᠤᠨ ᠲᠣᠬᠯᠠᠯᠲᠠ ᠪᠠᠶᠠᠯᠢᠭ ᠰᠠᠶᠢᠬᠠᠨ ᠪᠠᠶᠢᠵᠤ᠂ ᠰᠢ ᠵᠦᠴᠦᠭᠡ ᠶᠢᠨ ᠤᠷᠠᠯᠢᠭ ᠤᠨ ᠵᠠᠯᠭᠠᠮᠵᠢᠯᠠᠭᠴᠢ ᠲᠠᠢ ᠪᠠᠶᠢᠬᠤ ᠪᠠᠶᠠᠷᠯᠠᠭᠤᠰᠢᠲᠠᠢ ᠪᠠᠶᠢᠳᠠᠯ ᠢ ᠬᠠᠷᠠᠭᠤᠯᠤᠭᠰᠠᠨ ᠪᠠᠶᠢᠨ᠎ᠠ᠃ ᠣᠮᠤᠭ ᠪᠠᠭ᠋ᠠᠳᠤᠮ᠎ᠠ ᠰᠦᠷ ᠳᠠᠯᠠᠶᠢᠴᠠᠲᠠᠢ ᠰᠢ ᠵᠦᠴᠦᠭᠡ《ᠬᠠᠪᠤᠷ ᠨᠠᠮᠤᠷ ᠤᠨ ᠴᠤᠤᠷᠢᠶ᠎ᠠ》ᠨᠢ ᠦᠳᠡᠰᠢᠯᠡᠭᠡ ᠶᠢᠨ ᠠᠭᠤᠷ ᠠᠮᠢᠰᠬᠤᠯ ᠢ ᠤᠷᠭᠢᠯ ᠳᠤ ᠬᠦᠷᠭᠡᠵᠦ᠂ ᠥᠷᠭᠡᠨ ᠤᠯᠠᠨ ᠤᠳᠬ᠎ᠠ ᠤᠷᠠᠯᠢᠭ ᠤᠨ ᠠᠵᠢᠯᠲᠠᠨ ᠰᠢ ᠶᠢᠨ ᠫᠢᠩ ᠤᠨ ᠰᠣᠶᠣᠯ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠤᠯᠭᠠᠬᠤ ᠶᠢ ᠪᠠᠷᠢᠮᠲᠠᠯᠠᠵᠤ᠂ ᠰᠢᠨ᠎ᠡ ᠴᠠᠭ ᠦᠶ᠎ᠡ ᠶᠢᠨ ᠤᠳᠬ᠎ᠠ ᠤᠷᠠᠯᠢᠭ ᠤᠨ ᠦᠢᠯᠡᠰ ᠤᠨ ᠬᠥᠭᠵᠢᠯ ᠴᠡᠴᠡᠭᠯᠡᠯ ᠢ ᠴᠢᠷᠮᠠᠶᠢᠨ ᠠᠬᠢᠭᠤᠯᠵᠤ᠂ ᠨᠡᠶᠢᠭᠡᠮ ᠵᠢᠷᠤᠮ ᠤᠨ ᠰᠣᠶᠣᠯ ᠤᠨ ᠬᠦᠴᠦᠷᠬᠡᠭ ᠤᠯᠤᠰ ᠢ ᠪᠦᠲᠦᠭᠡᠨ ᠪᠠᠶᠢᠭᠤᠯᠬᠤ ᠡᠭᠦᠷᠭᠡ ᠬᠥᠭᠡᠭᠡᠴᠡᠯᠳᠦᠯ ᠳᠤ ᠣᠷᠣᠯᠴᠠᠬᠰᠡᠨ ᠢ ᠢᠯᠡᠷᠡᠭᠦᠯᠪᠡ᠃ ᠤᠷᠠᠯᠢᠭᠴᠢᠳ ᠤᠨ ᠭᠤᠶᠢᠳᠠ ᠰᠠᠶᠢᠬᠠᠨ ᠲᠣᠬᠯᠠᠯᠲᠠ ᠨᠢ ᠲᠠᠯᠠᠪᠠᠢ ᠳᠠᠶᠠᠭᠠᠷ ᠤᠨ ᠮᠠᠭᠲᠠᠭᠠᠯ ᠰᠠᠶᠢᠰᠢᠶᠠᠯ ᠪᠠ ᠬᠠᠯᠠᠭᠤᠨ ᠠᠯᠠᠭ᠎ᠠ ᠲᠡᠰᠢᠯᠲᠡ ᠶᠢ ᠣᠯᠪᠠ᠃
ᠦᠳᠡᠰᠢᠯᠡᠭᠡ ᠳᠤ᠂ ᠠᠳᠠᠯᠢ ᠪᠤᠰᠤ ᠵᠦᠴᠦᠭᠡ ᠶᠢᠨ ᠲᠦᠷᠦᠯ ᠥᠩᠭᠡ ᠢᠯᠭᠠᠷᠠᠵᠤ᠂ ᠰᠣᠩᠭᠤᠳᠠᠭ ᠵᠦᠴᠦᠭᠡ ᠪᠣᠯᠣᠨ ᠰᠢᠨ᠎ᠡ ᠡᠭᠦᠳᠦᠯᠲᠡ ᠶᠢᠨ ᠰᠣᠳᠣᠨ ᠪᠦᠲᠦᠭᠡᠯ ᠲᠤᠰ ᠲᠤᠰ ᠤᠨ ᠣᠨᠴᠠᠯᠢᠭ ᠲᠠᠢ ᠪᠠᠶᠢᠵᠤ᠂ ᠳᠤᠮᠳᠠᠳᠤ ᠶᠢᠨ ᠰᠢ ᠵᠦᠴᠦᠭᠡ ᠶᠢᠨ ᠠᠮᠢᠵᠢᠷᠠᠯ ᠤᠨ ᠬᠦᠴᠦᠨ ᠢᠶᠠᠷ ᠪᠢᠯᠬᠠᠭᠰᠠᠨ ᠬᠥᠭᠵᠢᠯ ᠴᠡᠴᠡᠭᠯᠡᠯ ᠤᠨ ᠪᠠᠶᠢᠳᠠᠯ ᠢ ᠳᠡᠯᠭᠡᠨ ᠦᠵᠡᠭᠦᠯᠵᠦ᠂ ᠰᠡᠳᠬᠢᠯ ᠨᠢᠭᠡᠳᠦᠨ ᠬᠦᠰᠡᠯ ᠵᠡᠭᠦᠳᠦ ᠪᠠᠨ ᠲᠡᠷᠭᠡᠯᠰᠢᠭᠦᠯᠬᠦ ᠲᠡᠮᠡᠴᠡᠯ ᠤᠨ ᠢᠯᠠᠯᠲᠠ ᠶᠢᠨ ᠳᠠᠭᠤᠤ ᠶᠢ ᠬᠠᠩᠭᠢᠨᠠᠭᠤᠯᠪᠠ᠃
ᠨᠠᠮ ᠪᠣᠯᠣᠨ ᠲᠦᠷᠦ ᠶᠢᠨ ᠬᠤᠯᠪᠣᠭᠳᠠᠯ ᠪᠦᠬᠦᠢ ᠤᠳᠤᠷᠢᠳᠬᠤ ᠨᠥᠬᠦᠳ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠨᠥᠬᠦᠳ ᠲᠣᠬᠯᠠᠯᠲᠠ ᠶᠢ ᠰᠣᠨᠢᠷᠬᠠᠵᠠᠢ᠃