ᠵᠤᠬᠢᠶᠠᠭᠴᠢ:
ᠴᠠᠭ:2025-02-07
ᠥᠵᠡᠭᠰᠡᠨ : ℃
ᠢᠷᠡᠯᠲᠡ: ᠥᠪᠥᠷ ᠮᠣᠩᠭᠤᠯ ᠤᠨ
ᠰᠢ ᠶᠢᠨ ᠫᠢᠩ ᠴᠠᠭᠠᠨ ᠰᠠᠷ᠎ᠠ ᠠᠴᠠ ᠡᠮᠦᠨ᠎ᠡ ᠴᠡᠷᠢᠭ ᠠᠩᠭᠢ ᠳᠤ ᠠᠵᠢᠯ ᠪᠠᠶᠢᠴᠠᠭᠠᠵᠤ ᠡᠷᠭᠢᠨ ᠦᠵᠡᠵᠦ ᠲᠣᠬᠤᠨᠢᠭᠤᠯᠵᠤ ᠠᠷᠠᠳ ᠤᠨ ᠴᠢᠯᠦᠭᠡᠯᠡᠬᠦ ᠴᠡᠷᠢᠭ ᠤᠨ ᠪᠦᠭᠦ ᠵᠢᠯᠣᠭᠤᠳᠤᠭᠴᠢ ᠪᠠᠶᠢᠯᠳᠤᠭᠴᠢ ᠵᠡᠪᠰᠡᠭᠲᠦ ᠴᠠᠭᠳᠠᠭ᠎ᠠ ᠶᠢᠨ ᠴᠡᠷᠢᠭ ᠠᠩᠭᠢ ᠶᠢᠨ ᠳᠠᠷᠤᠭ᠎ᠠ ᠪᠠᠶᠢᠯᠳᠤᠭᠴᠢ ᠴᠡᠷᠢᠭ ᠠᠩᠭᠢ ᠶᠢᠨ ᠪᠢᠴᠢᠭ ᠤᠨ ᠠᠵᠢᠯᠲᠠᠨ ᠪᠡᠯᠡᠳᠬᠡᠯ ᠠᠯᠪᠠᠨ ᠤ ᠬᠥᠮᠥᠰ ᠪᠠ ᠡᠷᠦᠭᠡ ᠶᠢᠨ ᠴᠡᠷᠢᠭ ᠲᠤ ᠴᠠᠭᠠᠨ ᠰᠠᠷ᠎ᠠ ᠶᠢᠨ ᠬᠦᠰᠡᠯ ᠵᠥᠩᠨᠡᠯ ᠳᠡᠪᠰᠢᠭᠦᠯᠪᠡ
ᠰᠢᠨᠬᠤᠸᠠ ᠬᠤᠷᠢᠶ᠎ᠠ ᠶᠢᠨ ᠮᠦᠭᠳᠡᠨ ᠤ 2025 1 ᠰᠠᠷ᠎ᠠ ᠶᠢᠨ 25 ᠤ ᠴᠠᠭᠢᠯᠭᠠᠨ ᠮᠡᠳᠡᠭᠡ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠪᠠᠶᠠᠷ ᠴᠠᠭᠠᠨ ᠰᠠᠷ᠎ᠠ ᠤᠳᠠᠯ ᠦᠭᠡᠢ ᠬᠦᠷᠴᠦ ᠢᠷᠡᠬᠦ ᠲᠠᠰᠢᠷᠠᠮ ᠢᠶᠠᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠶᠢᠨ ᠲᠡᠷᠢᠭᠦᠯᠡᠭᠴᠢ ᠰᠢ ᠶᠢᠨ ᠫᠢᠩ 24 ᠤ ᠡᠳᠦᠷ ᠤᠮᠠᠷᠠᠲᠤ ᠬᠡᠰᠡᠭ ᠤᠨ ᠪᠠᠶᠢᠯᠳᠤᠭᠠᠨ ᠤ ᠲᠣᠭᠤᠷᠢᠭ ᠤᠨ ᠪᠠᠶᠢᠭᠤᠯᠭ᠎ᠠ ᠳᠤ ᠬᠦᠷᠴᠦ ᠠᠵᠢᠯ ᠪᠠᠶᠢᠴᠠᠭᠠᠨ ᠲᠣᠬᠤᠨᠢᠭᠤᠯᠵᠤ᠂ ᠸᠢᠳᠢᠤ᠋ ᠪᠠᠷ ᠦᠨᠳᠦᠰᠦᠨ ᠱᠠᠲᠤᠨ ᠤ ᠳᠠᠷᠤᠭ᠎ᠠ ᠪᠠᠶᠢᠯᠳᠤᠭᠴᠢᠳ ᠢ ᠡᠷᠭᠢᠨ ᠦᠵᠡᠵᠦ᠂ ᠴᠡᠷᠢᠭ ᠠᠩᠭᠢ ᠶᠢᠨ ᠲᠠᠶᠢᠨ ᠳᠤ ᠪᠡᠯᠡᠳᠬᠡᠨ ᠵᠢᠵᠢᠭᠦᠷᠯᠡᠵᠦ ᠪᠠᠶᠢᠭ᠎ᠠ ᠪᠠ ᠡᠭᠦᠷᠭᠡ ᠭᠦᠢᠴᠡᠳᠬᠡᠵᠦ ᠪᠠᠶᠢᠭ᠎ᠠ ᠪᠠᠶᠢᠳᠠᠯ ᠢ ᠪᠠᠶᠢᠴᠠᠭᠠᠵᠤ᠂ ᠨᠠᠮ ᠤᠨ ᠲᠥᠪ ᠬᠤᠷᠢᠶ᠎ᠠ ᠪᠣᠯᠣᠨ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠶᠢᠨ ᠡᠮᠦᠨ᠎ᠡ ᠠᠴᠠ ᠠᠷᠠᠳ ᠤᠨ ᠴᠢᠯᠦᠭᠡᠯᠡᠬᠦ ᠴᠡᠷᠢᠭ ᠤᠨ ᠪᠦᠭᠦ ᠵᠢᠯᠣᠭᠤᠳᠤᠭᠴᠢ ᠪᠠᠶᠢᠯᠳᠤᠭᠴᠢ᠂ ᠵᠡᠪᠰᠡᠭᠲᠦ ᠴᠠᠭᠳᠠᠭ᠎ᠠ ᠶᠢᠨ ᠴᠡᠷᠢᠭ ᠠᠩᠭᠢ ᠶᠢᠨ ᠳᠠᠷᠤᠭ᠎ᠠ ᠪᠠᠶᠢᠯᠳᠤᠭᠴᠢ᠂ ᠴᠡᠷᠢᠭ ᠠᠩᠭᠢ ᠶᠢᠨ ᠪᠢᠴᠢᠭ ᠤᠨ ᠠᠵᠢᠯᠲᠠᠨ᠂ ᠪᠡᠯᠡᠳᠬᠡᠯ ᠠᠯᠪᠠᠨ ᠤ ᠬᠥᠮᠥᠰ ᠪᠠ ᠡᠷᠦᠭᠡ ᠶᠢᠨ ᠴᠡᠷᠢᠭ ᠲᠤ ᠴᠢᠩ ᠰᠡᠳᠬᠢᠯ ᠤᠨ ᠮᠡᠨᠳᠦᠴᠢᠯᠡᠯ ᠪᠣᠯᠣᠨ ᠴᠠᠭᠠᠨ ᠰᠠᠷ᠎ᠠ ᠶᠢᠨ ᠬᠦᠰᠡᠯ ᠵᠥᠩᠨᠡᠯ ᠳᠡᠪᠰᠢᠭᠦᠯᠪᠡ᠃
ᠪᠢᠯᠢᠭ ᠤᠨ ᠤᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ ᠨᠢᠭᠡᠨᠲᠡ ᠥᠩᠭᠡᠷᠡᠵᠦ᠂ ᠯᠢᠶᠣᠤᠨᠢᠩ ᠤᠨ ᠡᠬᠡ ᠭᠠᠵᠠᠷ ᠲᠤ ᠪᠠᠶᠠᠷ ᠤᠨ ᠡᠳᠦᠷ ᠤᠨ ᠠᠭᠤᠷ ᠠᠮᠢᠰᠬᠤᠯ ᠪᠢᠯᠬᠠᠨ᠎ᠠ᠃ ᠦᠳᠡ ᠶᠢᠨ ᠡᠮᠦᠨᠡᠬᠢ 9 ᠴᠠᠭ 30 ᠤᠨ ᠦᠶ᠎ᠡ ᠪᠠᠷ᠂ ᠰᠢ ᠶᠢᠨ ᠫᠢᠩ ᠤᠮᠠᠷᠠᠲᠤ ᠬᠡᠰᠡᠭ ᠤᠨ ᠪᠠᠶᠢᠯᠳᠤᠭᠠᠨ ᠤ ᠲᠣᠭᠤᠷᠢᠭ ᠤᠨ ᠪᠠᠶᠢᠭᠤᠯᠭ᠎ᠠ ᠳᠤ ᠬᠦᠷᠴᠦ᠂ ᠬᠠᠯᠠᠭᠤᠨ ᠠᠯᠠᠭ᠎ᠠ ᠲᠡᠰᠢᠯᠲᠡ ᠶᠢᠨ ᠳᠤᠮᠳᠠ ᠤᠮᠠᠷᠠᠲᠤ ᠬᠡᠰᠡᠭ ᠤᠨ ᠪᠠᠶᠢᠯᠳᠤᠭᠠᠨ ᠤ ᠲᠣᠭᠤᠷᠢᠭ ᠤᠨ ᠳᠠᠷᠤᠭ᠎ᠠ ᠪᠠᠶᠢᠯᠳᠤᠭᠴᠢᠳ ᠤᠨ ᠲᠥᠯᠥᠭᠡᠯᠡᠭᠴᠢᠳ ᠲᠠᠢ ᠳᠣᠲᠣᠨᠣ ᠪᠠᠷ ᠠᠭᠤᠯᠵᠠᠵᠤ᠂ ᠤᠯᠠᠨ ᠲᠠᠢ ᠬᠠᠮᠲᠤ ᠭᠡᠷᠡᠯ ᠵᠢᠷᠤᠭ ᠲᠠᠲᠠᠭᠤᠯᠵᠤ ᠳᠤᠷᠠᠰᠬᠠᠯ ᠦᠯᠡᠳᠡᠭᠡᠪᠡ᠃
ᠲᠠᠷᠠᠭ᠎ᠠ ᠨᠢ᠂ ᠰᠢ ᠶᠢᠨ ᠫᠢᠩ ᠪᠦᠭᠦ ᠴᠡᠷᠢᠭ ᠤᠨ ᠬᠤᠯᠪᠣᠭᠳᠠᠯ ᠪᠦᠬᠦᠢ ᠴᠡᠷᠢᠭ ᠠᠩᠭᠢ ᠲᠠᠢ ᠸᠢᠳᠢᠤ᠋ ᠪᠠᠷ ᠶᠠᠷᠢᠯᠴᠠᠪᠠ᠃ ᠡᠮᠦᠨᠡᠲᠦ ᠬᠡᠰᠡᠭ ᠤᠨ ᠪᠠᠶᠢᠯᠳᠤᠭᠠᠨ ᠤ ᠲᠣᠭᠤᠷᠢᠭ ᠤᠨ ᠬᠠᠭᠤᠷᠠᠢ ᠵᠠᠮ ᠤᠨ ᠴᠡᠷᠢᠭ ᠤᠨ ᠨᠢᠭᠡᠨ ᠪᠠᠷᠢᠭᠠᠳᠠ ᠶᠢᠨ ᠡᠭᠦᠷᠭᠡ ᠶᠢᠨ ᠬᠤᠪᠢᠶᠠᠷᠢ ᠠᠩᠭᠢ᠂ ᠵᠡᠭᠦᠨ ᠬᠡᠰᠡᠭ ᠤᠨ ᠪᠠᠶᠢᠯᠳᠤᠭᠠᠨ ᠤ ᠲᠣᠭᠤᠷᠢᠭ ᠤᠨ ᠲᠠᠯᠠᠢ ᠶᠢᠨ ᠴᠡᠷᠢᠭ ᠤᠨ ᠬᠥᠯᠭᠡ ᠣᠩᠭᠤᠴᠠᠲᠤ ᠵᠠᠯᠠᠭᠤᠷᠲᠤ ᠰᠤᠮᠤ ᠶᠢᠨ ᠨᠢᠭᠡᠨ ᠬᠤᠷᠢᠶ᠎ᠠ ᠶᠢᠨ ᠵᠢᠵᠢᠭᠦᠷᠯᠡᠬᠦ ᠬᠤᠪᠢᠶᠠᠷᠢ ᠠᠩᠭᠢ᠂ ᠳᠤᠮᠳᠠ ᠬᠡᠰᠡᠭ ᠤᠨ ᠪᠠᠶᠢᠯᠳᠤᠭᠠᠨ ᠤ ᠲᠣᠭᠤᠷᠢᠭ ᠤᠨ ᠠᠭᠠᠷ ᠤᠨ ᠴᠡᠷᠢᠭ ᠤᠨ ᠠᠭᠠᠷ ᠤᠨ ᠰᠡᠷᠭᠡᠶᠢᠯᠡᠯᠲᠡ ᠶᠢᠨ ᠵᠠᠯᠠᠭᠤᠷᠲᠤ ᠰᠤᠮᠤ ᠶᠢᠨ ᠨᠢᠭᠡᠨ ᠪᠠᠲᠯᠢᠶᠤᠨ᠂ ᠴᠡᠷᠢᠭ ᠤᠨ ᠶᠠᠪᠤᠳᠠᠯ ᠤᠨ ᠰᠠᠨᠰᠠᠷ ᠤᠨ ᠠᠶᠠᠯᠠᠯ ᠤᠨ ᠴᠡᠷᠢᠭ ᠠᠩᠭᠢ ᠶᠢᠨ ᠨᠢᠭᠡᠨ ᠬᠢᠨᠠᠨ ᠬᠡᠮᠵᠢᠵᠦ ᠰᠡᠷᠡᠮᠵᠢᠯᠡᠭᠦᠯᠭᠦ ᠦᠷᠳᠡᠭᠡ᠂ ᠵᠧᠩᠵᠧᠦ ᠶᠢᠨ ᠬᠠᠮᠲᠤᠷᠠᠭᠰᠠᠨ ᠦᠢᠯᠡᠴᠢᠯᠡᠭᠡᠨ ᠤ ᠪᠠᠲᠤᠯᠠᠭ᠎ᠠ ᠶᠢᠨ ᠲᠥᠪ ᠤᠨ ᠮᠠᠰᠢᠨ ᠲᠡᠷᠭᠡᠨ ᠤ ᠲᠡᠭᠡᠭᠡᠪᠦᠷᠢ ᠶᠢᠨ ᠨᠢᠭᠡᠨ ᠬᠤᠷᠢᠶ᠎ᠠ ᠶᠢᠨ 2 ᠳ᠋ᠤᠭᠠᠷ ᠪᠠᠲᠯᠢᠶᠤᠨ᠂ ᠵᠡᠪᠰᠡᠭᠲᠦ ᠴᠠᠭᠳᠠᠭ᠎ᠠ ᠶᠢᠨ ᠲᠥᠪᠡᠳ ᠤᠨ ᠶᠡᠷᠦᠩᠬᠡᠢ ᠠᠩᠭᠢ ᠶᠢᠨ ᠰᠢᠭᠠᠽᠧ ᠶᠢᠨ ᠰᠠᠯᠪᠤᠷᠢ ᠠᠩᠭᠢ ᠶᠢᠨ ᠵᠢᠵᠢᠭᠦᠷᠯᠡᠬᠦ 3 ᠳ᠋ᠤᠭᠠᠷ ᠶᠡᠭᠡ ᠠᠩᠭᠢ ᠶᠢᠨ ᠳᠠᠷᠤᠭ᠎ᠠ ᠪᠠᠶᠢᠯᠳᠤᠭᠴᠢᠳ ᠲᠡᠷᠢ ᠲᠡᠭᠰᠢ ᠵᠢᠭᠰᠠᠵᠤ᠂ ᠲᠡᠷᠢᠭᠦᠯᠡᠭᠴᠢ ᠰᠢ ᠶᠢᠨ ᠫᠢᠩ ᠳᠤ ᠲᠠᠶᠢᠨ ᠳᠤ ᠪᠡᠯᠡᠳᠬᠡᠨ ᠵᠢᠵᠢᠭᠦᠷᠯᠡᠬᠦ ᠪᠠ ᠡᠭᠦᠷᠭᠡ ᠭᠦᠢᠴᠡᠳᠬᠡᠵᠦ ᠪᠠᠶᠢᠬᠤ ᠪᠠᠶᠢᠳᠠᠯ ᠢᠶᠠᠨ ᠳᠡᠰ ᠳᠠᠷᠠᠭ᠎ᠠ ᠲᠠᠢ ᠮᠡᠳᠡᠭᠦᠯᠪᠡ᠃ ᠰᠢ ᠶᠢᠨ ᠫᠢᠩ ᠬᠤᠯᠪᠣᠭᠳᠠᠯ ᠪᠦᠬᠦᠢ ᠪᠠᠶᠢᠳᠠᠯ ᠤᠨ ᠲᠠᠨᠢᠯᠴᠠᠭᠤᠯᠭ᠎ᠠ ᠶᠢ ᠨᠠᠷᠢᠨ ᠬᠢᠨᠠᠮᠠᠭᠠᠢ ᠰᠣᠨᠣᠰᠴᠤ᠂ ᠲᠡᠳᠡᠨ ᠤ ᠠᠵᠢᠯ ᠢ ᠭᠦᠢᠴᠡᠳ ᠨᠤᠲᠠᠯᠠᠭᠰᠠᠨ ᠪᠥᠭᠡᠳ ᠳᠣᠲᠣᠨᠣ ᠪᠠᠷ ᠲᠣᠬᠤᠨᠢᠭᠤᠯᠵᠤ ᠪᠠᠶᠢᠬᠤ ᠪᠠᠨ ᠢᠯᠡᠳᠬᠡᠪᠡ᠃
ᠰᠢ ᠶᠢᠨ ᠫᠢᠩ᠂ ᠬᠡᠳᠦᠨ ᠡᠳᠦᠷ ᠥᠩᠭᠡᠷᠡᠪᠡᠯ ᠴᠠᠭᠠᠨ ᠰᠠᠷ᠎ᠠ ᠪᠣᠯᠴᠢᠬᠠᠨ᠎ᠠ᠂ ᠪᠦᠭᠦ ᠴᠡᠷᠢᠭ ᠤᠨ ᠬᠢᠨ ᠲᠠᠶᠢᠨ ᠳᠤ ᠪᠡᠯᠡᠳᠬᠡᠨ ᠵᠢᠵᠢᠭᠦᠷᠯᠡᠬᠦ ᠪᠠᠨ ᠴᠢᠩᠭᠠᠳᠬᠠᠵᠤ᠂ ᠡᠯ᠎ᠡ ᠵᠦᠢᠯ ᠤᠨ ᠭᠠᠷᠴᠤ ᠮᠡᠳᠡᠬᠦ ᠭᠡᠨᠡᠳᠲᠡ ᠶᠢᠨ ᠪᠠᠶᠢᠳᠠᠯ ᠢ ᠴᠠᠭ ᠲᠤᠬᠠᠢ ᠳᠤᠨᠢ ᠪᠦᠲᠦᠮᠵᠢᠲᠡᠢ ᠰᠢᠢᠳᠪᠦᠷᠢᠯᠡᠵᠦ᠂ ᠤᠯᠤᠰ ᠤᠨ ᠠᠮᠤᠷ ᠲᠦᠪᠰᠢᠨ ᠪᠣᠯᠣᠨ ᠨᠡᠶᠢᠭᠡᠮ ᠤᠨ ᠲᠣᠭᠲᠠᠭᠤᠨ ᠢ ᠰᠠᠶᠢᠲᠤᠷ ᠬᠠᠮᠠᠭᠠᠯᠠᠵᠤ᠂ ᠪᠦᠭᠦ ᠤᠯᠤᠰ ᠤᠨ ᠠᠷᠠᠳ ᠲᠦᠮᠡᠨ ᠤ ᠪᠠᠶᠠᠷ ᠪᠠᠶᠠᠰᠬᠤᠯᠠᠩ ᠲᠠᠢ᠂ ᠠᠮᠤᠷ ᠠᠮᠤᠭᠤᠯᠠᠩ᠂ ᠡᠪ ᠨᠠᠶᠢᠷᠲᠠᠢ ᠰᠢᠨᠡᠯᠡᠬᠦ ᠶᠢ ᠦᠨᠡᠨ ᠬᠦ ᠪᠠᠲᠤᠯᠠᠬᠤ ᠬᠡᠷᠡᠭᠲᠡᠢ᠃ ᠠᠵᠢᠯ ᠢᠶᠠᠨ ᠨᠢᠭᠡᠳᠦᠯᠲᠡᠢ ᠲᠥᠯᠥᠪᠵᠢᠭᠦᠯᠬᠦ ᠶᠢ ᠠᠩᠬᠠᠷᠴᠤ᠂ ᠳᠠᠷᠤᠭ᠎ᠠ ᠪᠠᠶᠢᠯᠳᠤᠭᠴᠢᠳ ᠤᠨ ᠪᠠᠶᠠᠷ ᠤᠨ ᠡᠳᠦᠷ ᠤᠨ ᠬᠤᠭᠤᠴᠠᠭᠠᠨ ᠳᠠᠬᠢ ᠠᠮᠢᠳᠤᠷᠠᠯ ᠢ ᠰᠠᠶᠢᠲᠤᠷ ᠲᠣᠬᠢᠷᠠᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃
ᠵᠠᠩ ᠶᠢᠦ ᠰᠢᠶᠠ ᠨᠠᠷ ᠠᠵᠢᠯᠯᠠᠭ᠎ᠠ ᠳᠤ ᠣᠷᠣᠯᠴᠠᠵᠠᠢ᠃