ᠵᠤᠬᠢᠶᠠᠭᠴᠢ:
ᠴᠠᠭ:2025-04-30
ᠥᠵᠡᠭᠰᠡᠨ : ℃
ᠢᠷᠡᠯᠲᠡ:
ᠺᠧᠨᠢᠶᠠ ᠶᠢᠨ ᠶᠡᠷᠦᠩᠬᠡᠶᠢᠯᠡᠭᠴᠢ ᠷᠦᠲ᠋ᠤ᠋ ᠲᠠᠢ ᠬᠡᠯᠡᠯᠴᠡᠭᠡ ᠬᠢᠪᠡ
ᠰᠢᠨᠬᠤᠸᠠ ᠬᠤᠷᠢᠶ᠎ᠠ ᠶᠢᠨ ᠪᠡᠭᠡᠵᠢᠩ ᠤᠨ 2025 4 ᠰᠠᠷ᠎ᠠ ᠶᠢᠨ 24 ᠤ ᠴᠠᠭᠢᠯᠭᠠᠨ ᠮᠡᠳᠡᠭᠡ 4 ᠰᠠᠷ᠎ᠠ ᠶᠢᠨ 24 ᠤ ᠦᠳᠡ ᠶᠢᠨ ᠡᠮᠦᠨ᠎ᠡ᠂ ᠤᠯᠤᠰ ᠤᠨ ᠲᠡᠷᠢᠭᠦᠯᠡᠭᠴᠢ ᠪᠡᠭᠡᠵᠢᠩ ᠤᠨ ᠠᠷᠠᠳ ᠤᠨ ᠶᠡᠭᠡ ᠬᠤᠷᠠᠯ ᠤᠨ ᠲᠠᠩᠬᠢᠮ ᠳᠤ ᠳᠤᠮᠳᠠᠳᠤ ᠤᠯᠤᠰ ᠲᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠬᠦ ᠪᠠᠷ ᠢᠷᠡᠭᠰᠡᠨ ᠺᠧᠨᠢᠶᠠ ᠶᠢᠨ ᠶᠡᠷᠦᠩᠬᠡᠶᠢᠯᠡᠭᠴᠢ ᠷᠦᠲ᠋ᠤ᠋ ᠲᠠᠢ ᠬᠡᠯᠡᠯᠴᠡᠭᠡ ᠬᠢᠪᠡ᠃ ᠬᠤᠶᠠᠷ ᠤᠯᠤᠰ ᠤᠨ ᠲᠡᠷᠢᠭᠦᠨ ᠬᠤᠶᠠᠷ ᠲᠠᠯ᠎ᠠ ᠶᠢᠨ ᠬᠠᠷᠢᠯᠴᠠᠭᠠᠨ ᠤ ᠪᠠᠶᠢᠷᠢ ᠲᠣᠭᠲᠠᠭᠠᠯᠲᠠ ᠶᠢ ᠰᠢᠨ᠎ᠡ ᠴᠠᠭ ᠦᠶ᠎ᠡ ᠶᠢᠨ ᠳᠤᠮᠳᠠᠳᠤ ᠺᠧᠨᠢᠶᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠪᠤᠯᠭᠠᠵᠤ ᠳᠡᠭᠡᠭᠰᠢᠯᠡᠭᠦᠯᠭᠦ ᠪᠠᠷ ᠰᠠᠨᠠᠯ ᠨᠢᠭᠡᠲᠡᠢ ᠵᠥᠪᠰᠢᠶᠡᠷᠡᠪᠡ᠃
᠂ ᠬᠠᠷᠢᠯᠴᠠᠭ᠎ᠠ 62 ᠵᠢᠯ ᠤᠨ ᠲᠤᠷᠰᠢ᠂ ᠳᠤᠮᠳᠠᠳᠤ ᠺᠧᠨᠢᠶᠠ ᠬᠤᠶᠠᠷ ᠲᠠᠯ᠎ᠠ ᠪᠠᠷ ᠢᠶᠠᠨ ᠢᠮᠠᠭᠲᠠ ᠬᠠᠷᠢᠯᠴᠠᠨ ᠭᠦᠨᠳᠦᠳᠭᠡᠵᠦ᠂ ᠬᠠᠷᠢᠯᠴᠠᠨ ᠳᠡᠮᠵᠢᠯᠴᠡᠵᠦ᠂ ᠳᠤᠮᠳᠠᠳᠤ ᠠᠹᠷᠢᠺᠠ ᠶᠢᠨ ᠨᠥᠭᠦᠷᠰᠡᠭ ᠬᠠᠮᠲᠤᠷᠠᠯᠴᠠᠭᠠᠨ ᠤ ᠵᠣᠷᠢᠭ ᠰᠠᠨᠠᠭ᠎ᠠ ᠪᠣᠯᠣᠨ ᠲᠣᠷᠭᠠᠨ ᠵᠠᠮ ᠤᠨ ᠵᠣᠷᠢᠭ ᠰᠠᠨᠠᠭ᠎ᠠ ᠶᠢ ᠤᠯᠠᠮᠵᠢᠯᠠᠵᠤ᠂ ᠬᠤᠶᠠᠷ ᠤᠯᠤᠰ ᠤᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠲᠤᠷᠠᠯᠴᠠᠭᠠᠨ ᠤ ᠬᠠᠨᠢᠲᠠᠨ ᠤ ᠬᠠᠷᠢᠯᠴᠠᠭ᠎ᠠ ᠶᠢᠨ ᠲᠠᠰᠤᠷᠠᠯᠲᠠ ᠦᠭᠡᠢ ᠰᠢᠨ᠎ᠡ ᠳᠡᠭᠲᠡᠷ ᠲᠤ ᠭᠠᠷᠬᠤ ᠶᠢ ᠠᠬᠢᠭᠤᠯᠪᠠ᠃ ᠳᠤᠮᠳᠠᠳᠤ ᠺᠧᠨᠢᠶᠠ ᠶᠢᠨ ᠬᠠᠷᠢᠯᠴᠠᠭ᠎ᠠ ᠶᠢ ᠰᠢᠨ᠎ᠡ ᠴᠠᠭ ᠦᠶ᠎ᠡ ᠶᠢᠨ ᠳᠤᠮᠳᠠᠳᠤ ᠺᠧᠨᠢᠶᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠪᠣᠯᠭᠠᠨ ᠳᠡᠭᠡᠭᠰᠢᠯᠡᠭᠦᠯᠭᠦ ᠪᠣᠯ ᠬᠤᠶᠠᠷ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠰᠣᠩᠭᠤᠯᠲᠠ ᠮᠥᠨ᠃ ᠳᠤᠮᠳᠠᠳᠤ ᠤᠯᠤᠰ ᠳᠤᠷᠠᠲᠠᠶ᠎ᠠ ᠺᠧᠨᠢᠶᠠ ᠶᠢᠨ ᠬᠢᠨ ᠲᠠᠢ ᠬᠠᠮᠲᠤ ᠪᠠᠷ᠂ ᠲᠡᠦᠬᠡ ᠶᠢᠨ ᠤᠷᠤᠰᠬᠠᠯ ᠪᠣᠯᠣᠨ ᠴᠠᠭ ᠦᠶ᠎ᠡ ᠶᠢᠨ ᠶᠡᠭᠡ ᠬᠠᠨᠳᠤᠰᠢ ᠳᠤ ᠵᠣᠬᠢᠴᠠᠵᠤ᠂ ᠰᠢᠨ᠎ᠡ ᠴᠠᠭ ᠦᠶ᠎ᠡ ᠶᠢᠨ ᠪᠦᠭᠦ ᠲᠠᠯ᠎ᠠ ᠶᠢᠨ ᠳᠤᠮᠳᠠᠳᠤ ᠠᠹᠷᠢᠺᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢᠨ ᠬᠡᠪ ᠳᠠᠭᠤᠷᠢᠶᠠᠯ ᠢ ᠪᠤᠢ ᠪᠤᠯᠭᠠᠵᠤ᠂ ᠳᠤᠮᠳᠠᠳᠤ ᠠᠹᠷᠢᠺᠠ ᠶᠢᠨ ᠬᠠᠷᠢᠯᠴᠠᠭ᠎ᠠ ᠶᠢᠨ ᠬᠥᠭᠵᠢᠯᠲᠡ ᠪᠣᠯᠣᠨ ᠪᠦᠭᠦ ᠪᠥᠮᠪᠥᠷᠴᠡᠭ ᠤᠨ ᠬᠥᠭᠵᠢᠵᠦ ᠪᠠᠶᠢᠭ᠎ᠠ ᠤᠯᠤᠰ ᠤᠳ ᠤᠨ ᠪᠦᠯᠬᠦᠮᠳᠡᠯ ᠬᠠᠮᠲᠤᠷᠠᠯᠴᠠᠭ᠎ᠠ ᠶᠢ ᠬᠥᠲᠥᠯᠥᠨ ᠳᠠᠭᠠᠭᠤᠯᠤᠨ᠎ᠠ ᠭᠡᠵᠦ ᠵᠢᠭᠠᠵᠤ ᠭᠠᠷᠭᠠᠵᠠᠢ᠃
᠂ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠪᠣᠯ ᠬᠠᠷᠢᠯᠴᠠᠨ ᠬᠦᠨᠳᠦᠳᠬᠡᠬᠦ᠂ ᠡᠷᠬᠡ ᠲᠡᠭᠰᠢ ᠪᠠᠷ ᠬᠠᠨᠳᠤᠬᠤ᠂ ᠬᠠᠷᠢᠯᠴᠠᠨ ᠠᠰᠢᠭᠲᠠᠢ ᠬᠠᠮᠲᠤ ᠪᠠᠷ ᠠᠰᠢᠭ ᠭᠦᠷᠳᠡᠭᠦ᠂ 《ᠳᠡᠯᠡᠬᠡᠢ ᠳᠡᠭᠡᠷ᠎ᠡ ᠬᠦᠴᠢᠷ ᠪᠡᠷᠬᠡᠰᠢᠶᠡᠯ ᠢ ᠬᠠᠮᠲᠤ ᠪᠠᠷ ᠲᠤᠭᠤᠯᠵᠤ ᠶᠠᠪᠤᠬᠤ》 ᠶᠡᠭᠡ ᠵᠠᠮ ᠪᠣᠯᠣᠨ᠎ᠠ᠃ ᠳᠤᠮᠳᠠᠳᠤ ᠺᠧᠨᠢᠶᠠ ᠬᠤᠶᠠᠷ ᠲᠠᠯ᠎ᠠ ᠪᠠᠷ ᠢᠶᠠᠨ ᠲᠣᠰ ᠲᠣᠰ ᠤᠨ ᠢᠶᠠᠨ ᠡᠷᠬᠡ ᠮᠡᠳᠡᠯ᠂ ᠠᠮᠤᠷ ᠲᠦᠪᠰᠢᠨ᠂ ᠬᠥᠭᠵᠢᠯᠲᠡ ᠶᠢᠨ ᠠᠰᠢᠭ ᠲᠤᠰᠠ ᠶᠢ ᠬᠠᠮᠠᠭᠠᠯᠠᠬᠤ ᠶᠢ ᠦᠷᠭᠦᠯᠵᠢᠯᠡᠨ ᠡᠷᠡᠰ ᠳᠡᠮᠵᠢᠵᠤ᠂ ᠲᠣᠰ ᠲᠣᠰ ᠤᠨ ᠢᠶᠠᠨ ᠤᠯᠤᠰ ᠤᠨ ᠪᠠᠶᠢᠳᠠᠯ ᠳᠤ ᠨᠡᠶᠢᠴᠡᠭᠰᠡᠨ ᠬᠥᠭᠵᠢᠯᠲᠡ ᠶᠢᠨ ᠵᠠᠮ ᠢ ᠬᠠᠶᠢᠨ ᠰᠦᠪᠡᠭᠴᠢᠯᠡᠬᠦ ᠶᠢ ᠡᠷᠡᠰ ᠳᠡᠮᠵᠢᠵᠤ᠂ ᠲᠥᠷᠥ ᠶᠢ ᠵᠠᠰᠠᠵᠤ ᠵᠠᠰᠠᠭ ᠢ ᠡᠷᠭᠢᠯᠡᠭᠦ ᠲᠤᠷᠰᠢᠯᠭ᠎ᠠ ᠶᠢᠨ ᠰᠣᠯᠢᠯᠴᠠᠭ᠎ᠠ ᠪᠠᠨ ᠭᠦᠨᠵᠡᠭᠡᠶᠢᠷᠡᠭᠦᠯᠵᠦ᠂ ᠣᠳᠣᠬᠢᠴᠢᠯᠠᠯᠲᠠ ᠶᠢᠨ ᠵᠠᠮ ᠳᠡᠭᠡᠷᠡᠬᠢ ᠬᠠᠮᠲᠤ ᠠᠶᠠᠯᠠᠭᠴᠢ ᠪᠠ ᠵᠢᠩᠬᠢᠨᠢ ᠨᠠᠶᠢᠵᠠ ᠪᠣᠯᠣᠶ᠎ᠠ᠃ 《ᠨᠢᠭᠡ ᠪᠦᠰᠡ ᠨᠢᠭᠡ ᠵᠠᠮ》 ᠢ ᠬᠠᠮᠲᠤ ᠪᠠᠷ ᠪᠦᠲᠦᠭᠡᠨ ᠪᠠᠶᠢᠭᠤᠯᠬᠤ ᠪᠣᠯ ᠬᠤᠶᠠᠷ ᠤᠯᠤᠰ ᠤᠨ ᠬᠠᠮᠲᠤᠷᠠᠯᠴᠠᠭᠠᠨ ᠤ ᠭᠢᠯᠠᠯᠵᠠᠭᠰᠠᠨ ᠬᠠᠭᠤᠳᠠᠰᠤ ᠪᠣᠯᠣᠨ᠎ᠠ᠂ ᠪᠠᠶᠢᠩᠭᠤᠵᠢᠭᠰᠠᠨ ᠲᠦᠷᠦ ᠶᠢᠨ ᠪᠣᠳᠣᠯᠭ᠎ᠠ ᠶᠢᠨ ᠣᠯᠣᠯᠴᠠᠭ᠎ᠠ ᠪᠠᠨ ᠴᠢᠩᠭᠠᠳᠬᠠᠵᠤ᠂ ᠥᠨᠳᠥᠷ ᠲᠦᠪᠰᠢᠨ ᠪᠦᠬᠦᠢ ᠬᠤᠯᠪᠣᠯᠳᠤᠨ ᠨᠡᠪᠲᠡᠷᠡᠯᠴᠡᠬᠦ ᠶᠢ ᠠᠬᠢᠭᠤᠯᠵᠤ᠂ ᠠᠷᠠᠯᠵᠢᠶᠠᠨ ᠤ ᠦᠷᠭᠦᠯᠵᠢᠯᠡᠬᠦ ᠴᠢᠨᠠᠷᠲᠠᠢ ᠰᠠᠭᠠᠳ ᠦᠭᠡᠢ ᠨᠡᠪᠲᠡᠷᠡᠬᠦ ᠶᠢ ᠠᠬᠢᠭᠤᠯᠵᠤ᠂ ᠤᠯᠠᠨ ᠡᠰᠢᠵᠢᠭᠰᠡᠨ ᠪᠡᠯᠡ ᠮᠥᠩᠭᠦᠨ ᠤ ᠭᠦᠢᠯᠭᠡᠭᠡ ᠶᠢ ᠰᠦᠪᠡᠭᠴᠢᠯᠡᠵᠦ᠂ ᠦᠶ᠎ᠡ ᠦᠶ᠎ᠡ ᠶᠢᠨ ᠨᠥᠬᠦᠷᠯᠡᠯ ᠠᠷᠠᠳ ᠤᠨ ᠰᠡᠳᠬᠢᠯ ᠤᠨ ᠨᠡᠪᠲᠡᠷᠡᠯᠴᠡᠭᠡ ᠶᠢ ᠦᠷᠭᠦᠯᠵᠢᠯᠡᠭᠦᠯᠵᠦ᠂ 《ᠨᠢᠭᠡ ᠪᠦᠰᠡ ᠨᠢᠭᠡ ᠵᠠᠮ》 ᠢ ᠴᠢᠨᠠᠷ ᠰᠠᠶᠢᠲᠠᠢ ᠪᠦᠲᠦᠭᠡᠨ ᠪᠠᠶᠢᠭᠤᠯᠬᠤ ᠳᠠᠭᠠᠭᠤᠯᠤᠭᠴᠢ ᠪᠣᠯᠣᠶ᠎ᠠ᠃ ᠳᠤᠮᠳᠠᠳᠤ ᠤᠯᠤᠰ ᠤᠨ ᠭᠡᠳᠦ ᠶᠡᠭᠡ ᠬᠡᠪᠴᠢᠶᠡᠨ ᠤ ᠵᠠᠬ᠎ᠠ ᠳᠡᠯᠭᠡᠭᠦᠷ ᠨᠢ ᠺᠧᠨᠢᠶᠠ ᠶᠢᠨ ᠴᠢᠨᠠᠷ ᠰᠠᠶᠢᠲᠠᠢ ᠦᠢᠯᠡᠳᠬᠦᠨ ᠳᠤ ᠢᠮᠠᠭᠲᠠ ᠡᠭᠦᠳᠡ ᠪᠠᠨ ᠨᠡᠭᠡᠭᠡᠵᠦ᠂ ᠳᠤᠮᠳᠠᠳᠤ ᠤᠯᠤᠰ ᠨᠡᠩ ᠤᠯᠠᠨ ᠪᠣᠳᠠᠲᠤ ᠬᠦᠴᠦᠨ ᠪᠦᠬᠦᠢ ᠳᠤᠮᠳᠠᠳᠤ ᠤᠯᠤᠰ ᠤᠨ ᠠᠵᠤ ᠠᠬᠤᠶᠢᠯᠠᠯ ᠤᠨ ᠺᠧᠨᠢᠶᠠ ᠳᠤ ᠬᠦᠷᠴᠦ ᠪᠡᠯᠡ ᠣᠷᠣᠭᠤᠯᠤᠨ ᠦᠢᠯᠡᠰ ᠢᠶᠠᠨ ᠬᠥᠭᠵᠢᠭᠦᠯᠬᠦ ᠶᠢ ᠵᠣᠷᠢᠭᠵᠢᠭᠤᠯᠤᠨ᠎ᠠ᠃ ᠪᠦᠭᠦ ᠪᠥᠮᠪᠥᠷᠴᠡᠭ ᠤᠨ ᠬᠥᠭᠵᠢᠵᠦ ᠪᠠᠶᠢᠭ᠎ᠠ ᠤᠯᠤᠰ ᠤᠨ ᠴᠢᠬᠤᠯᠠ ᠪᠦᠷᠢᠯᠳᠦᠭᠦᠨ ᠪᠣᠯᠤᠭᠰᠠᠨ ᠤ ᠬᠤᠪᠢ ᠳᠤ᠂ ᠳᠤᠮᠳᠠᠳᠤ ᠺᠧᠨᠢᠶᠠ ᠬᠤᠶᠠᠷ ᠤᠯᠤᠰ ᠪᠣᠳᠠᠲᠤ ᠠᠵᠢᠯᠯᠠᠭ᠎ᠠ ᠪᠠᠷ ᠢᠶᠠᠨ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠪᠠᠷ ᠭᠤᠣᠯ ᠪᠤᠯᠭᠠᠬᠰᠠᠨ ᠤᠯᠠᠨ ᠤᠯᠤᠰ ᠤᠨ ᠰᠢᠰᠲ᠋ᠧᠮ ᠢ ᠡᠷᠡᠰ ᠬᠠᠮᠠᠭᠠᠯᠠᠵᠤ᠂ ᠬᠠᠮᠲᠤ ᠪᠠᠷ ᠵᠥᠪᠳᠡᠬᠦ ᠬᠠᠮᠲᠤ ᠪᠠᠷ ᠪᠠᠶᠢᠭᠤᠯᠬᠤ ᠬᠠᠮᠲᠤ ᠪᠠᠷ ᠡᠳ᠋ᠯᠡᠬᠦ ᠪᠦᠭᠦ ᠪᠥᠮᠪᠥᠷᠴᠡᠭ ᠤᠨ ᠵᠠᠰᠠᠯᠲᠠ ᠶᠢ ᠠᠬᠢᠭᠤᠯᠵᠤ᠂ ᠵᠢᠩᠬᠢᠨᠢ ᠤᠯᠠᠨ ᠲᠠᠯᠠᠲᠤ ᠦᠵᠡᠯ ᠢ ᠦᠢᠯᠡᠳᠦᠯᠭᠡᠵᠢᠭᠦᠯᠵᠦ᠂ ᠡᠷᠬᠡ ᠲᠡᠭᠰᠢ ᠡᠮᠬᠢ ᠵᠢᠷᠤᠮ ᠲᠠᠢ ᠳᠡᠯᠡᠬᠡᠢ ᠶᠢᠨ ᠤᠯᠠᠨ ᠲᠦᠢᠯᠵᠢᠯᠳᠡ᠂ ᠲᠦᠭᠡᠮᠡᠯ ᠬᠠᠷᠠᠭᠠᠯᠵᠠᠯᠲᠤ ᠪᠠᠭᠲᠠᠭᠠᠮᠵᠢᠲᠠᠢ ᠠᠵᠤ ᠠᠬᠤᠢ ᠶᠢᠨ ᠳᠡᠯᠡᠬᠡᠶᠢᠵᠢᠯᠲᠡ ᠶᠢ ᠠᠬᠢᠭᠤᠯᠵᠤ᠂ ᠳᠡᠯᠡᠬᠡᠢ ᠶᠢᠨ ᠡᠩᠬᠡ ᠲᠠᠶᠢᠪᠤᠩ᠂ ᠠᠮᠤᠷ ᠲᠦᠪᠰᠢᠨ᠂ ᠬᠥᠭᠵᠢᠯ ᠴᠡᠴᠡᠭᠯᠡᠯ᠂ ᠲᠠᠪᠰᠢᠯᠳᠠ ᠶᠢᠨ ᠭᠡᠭᠡᠨ ᠰᠠᠷᠠᠭᠤᠯ ᠢᠷᠡᠭᠡᠳᠦᠢ ᠲᠡᠶᠢᠰᠢ ᠤᠷᠤᠭᠰᠢᠯᠠᠬᠤ ᠶᠢ ᠠᠬᠢᠭᠤᠯᠤᠶ᠎ᠠ ᠭᠡᠵᠦ ᠴᠢᠬᠤᠯᠠᠴᠢᠯᠠᠵᠠᠢ᠃
᠂ ᠳᠡᠯᠡᠬᠡᠢ ᠶᠢᠨ ᠪᠠᠶᠢᠳᠠᠯ ᠶᠠᠭᠠᠬᠢᠵᠤ ᠬᠤᠪᠢᠷᠠᠭᠰᠠᠨ ᠴᠤ᠂ ᠳᠤᠮᠳᠠᠳᠤ ᠤᠯᠤᠰ ᠤᠨ ᠦᠨᠡᠨ ᠪᠣᠳᠠᠲᠠᠢ ᠳᠣᠲᠣᠨᠣ ᠦᠨᠡᠨᠴᠢ ᠪᠠᠷ ᠠᠹᠷᠢᠺᠠ ᠲᠢᠪ ᠲᠤ ᠬᠠᠨᠳᠤᠬᠤ ᠲᠦᠷᠦ ᠶᠢᠨ ᠪᠣᠳᠣᠯᠭ᠎ᠠ ᠶᠢᠨ ᠣᠶᠢᠯᠠᠭᠠᠭᠳᠠᠬᠤᠨ ᠬᠤᠪᠢᠷᠠᠬᠤ ᠦᠭᠡᠢ᠂ ᠳᠤᠮᠳᠠᠳᠤ ᠠᠹᠷᠢᠺᠠ ᠶᠢᠨ ᠵᠢᠷᠭᠠᠯ ᠵᠣᠪᠠᠯᠠᠩ ᠢᠶᠠᠨ ᠬᠠᠮᠲᠤᠳᠬᠠᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠤᠭ ᠰᠠᠨᠠᠭ᠎ᠠ ᠬᠤᠪᠢᠷᠠᠬᠤ ᠦᠭᠡᠢ᠂ ᠳᠤᠮᠳᠠᠳᠤ ᠠᠹᠷᠢᠺᠠ ᠶᠢᠨ ᠬᠠᠮᠲᠤᠷᠠᠯᠴᠠᠵᠤ ᠬᠠᠮᠲᠤ ᠪᠠᠷ ᠠᠰᠢᠭ ᠭᠦᠷᠳᠡᠭᠦ᠂ ᠬᠠᠮᠲᠤ ᠪᠠᠷ ᠬᠥᠭᠵᠢᠬᠦ ᠦᠨᠳᠦᠰᠦᠨ ᠵᠣᠷᠢᠯᠲᠠ ᠬᠤᠪᠢᠷᠠᠬᠤ ᠦᠭᠡᠢ ᠶᠤᠮ᠃ ᠳᠤᠮᠳᠠᠳᠤ ᠤᠯᠤᠰ ᠬᠡᠯᠡᠪᠡᠯ ᠢᠲᠡᠭᠡᠮᠵᠢᠲᠡᠢ᠂ ᠬᠢᠪᠡᠯ ᠪᠦᠲᠦᠮᠵᠢᠲᠡᠢ ᠪᠠᠶᠢᠵᠤ᠂ ᠳᠤᠷᠠᠲᠠᠶ᠎ᠠ ᠺᠧᠨᠢᠶᠠ ᠶᠢ ᠪᠠᠭᠲᠠᠭᠠᠭᠰᠠᠨ ᠠᠹᠷᠢᠺᠠ ᠲᠢᠪ ᠤᠨ ᠤᠯᠤᠰ ᠤᠳ ᠲᠠᠢ ᠬᠠᠮᠲᠤ ᠪᠠᠷ᠂ ᠳᠤᠮᠳᠠᠳᠤ ᠠᠹᠷᠢᠺᠠ ᠶᠢᠨ ᠬᠠᠮᠲᠤᠷᠠᠯᠴᠠᠭᠠᠨ ᠤ ᠶᠠᠷᠢᠶᠠᠨ ᠤ ᠲᠠᠪᠴᠠᠩ ᠤᠨ ᠪᠡᠭᠡᠵᠢᠩ ᠤᠨ ᠲᠦᠷᠦᠭᠦᠴᠦᠳ ᠤᠨ ᠬᠤᠷᠠᠯ ᠤᠨ ᠦᠷ᠎ᠡ ᠪᠦᠲᠦᠭᠡᠯ ᠤᠨ ᠨᠡᠩ ᠤᠯᠠᠨ ᠡᠬᠢᠨ ᠤ ᠬᠤᠭᠤᠴᠠᠭᠠᠨ ᠤ ᠠᠮᠵᠢᠯᠲᠠ ᠣᠯᠬᠤ ᠶᠢ ᠠᠬᠢᠭᠤᠯᠵᠤ᠂ ᠠᠹᠷᠢᠺᠠ ᠲᠢᠪ ᠤᠨ ᠠᠷᠠᠳ ᠲᠦᠮᠡᠨ ᠳᠤ ᠨᠡᠩ ᠰᠠᠶᠢᠨ ᠠᠰᠢᠭ ᠬᠦᠷᠲᠡᠭᠡᠵᠦ᠂ ᠳᠤᠮᠳᠠᠳᠤ ᠠᠹᠷᠢᠺᠠ ᠶᠢᠨ ᠬᠠᠮᠲᠤᠷᠠᠨ ᠬᠦᠴᠦᠷᠬᠡᠭᠵᠢᠬᠦ᠂ ᠪᠦᠯᠬᠦᠮᠳᠡᠨ ᠬᠠᠮᠵᠢᠯᠴᠠᠬᠤ ᠴᠠᠭ ᠦᠶ᠎ᠡ ᠶᠢᠨ ᠬᠦᠴᠦᠷᠬᠡᠭ ᠲᠠᠭᠤᠨ ᠢ ᠦᠷᠭᠦᠯᠵᠢᠯᠡᠨ ᠴᠤᠤᠷᠢᠶᠠᠲᠤᠭᠤᠯᠵᠤ᠂ ᠴᠢᠨᠠᠷ ᠰᠠᠶᠢᠲᠠᠢ ᠳᠤᠮᠳᠠᠳᠤ ᠠᠹᠷᠢᠺᠠ ᠶᠢᠨ ᠬᠠᠮᠲᠤᠷᠠᠯᠴᠠᠭ᠎ᠠ ᠪᠠᠷ ᠪᠦᠭᠦ ᠪᠥᠮᠪᠥᠷᠴᠡᠭ ᠤᠨ ᠬᠥᠭᠵᠢᠵᠦ ᠪᠠᠶᠢᠭ᠎ᠠ ᠤᠯᠤᠰ ᠤᠨ ᠬᠠᠮᠲᠤᠷᠠᠯᠴᠠᠭ᠎ᠠ ᠶᠢ ᠬᠥᠲᠥᠯᠥᠨ ᠳᠠᠭᠠᠭᠤᠯᠬᠤ ᠶᠢ ᠠᠬᠢᠭᠤᠯᠤᠨ᠎ᠠ ᠭᠡᠵᠦ ᠵᠢᠭᠠᠵᠤ ᠭᠠᠷᠭᠠᠵᠠᠢ᠃
᠂ ᠪᠣᠭᠤᠮᠲᠠ ᠶᠢᠨ ᠭᠠᠶᠢᠯᠢ ᠶᠢᠨ ᠲᠠᠶᠢᠨ᠂ ᠠᠷᠠᠯᠵᠢᠶᠠᠨ ᠤ ᠲᠠᠶᠢᠨ ᠳᠤ ᠢᠯᠠᠭᠴᠢ ᠭᠡᠵᠦ ᠪᠠᠶᠢᠳᠠᠭ ᠦᠭᠡᠢ᠃ ᠳᠤᠮᠳᠠᠳᠤ ᠤᠯᠤᠰ ᠬᠡᠷᠡᠭ ᠲᠠᠲᠠᠬᠤ ᠦᠭᠡᠢ ᠪᠥᠭᠡᠳ ᠬᠡᠷᠡᠭ ᠠᠴᠠ ᠠᠶᠤᠬᠤ ᠦᠭᠡᠢ᠂ ᠳᠤᠷᠠᠲᠠᠶ᠎ᠠ ᠳᠡᠯᠡᠬᠡᠢ ᠶᠢᠨ ᠡᠯ᠎ᠡ ᠤᠯᠤᠰ ᠯᠤᠭ᠎ᠠ ᠬᠠᠮᠲᠤ ᠪᠠᠷ ᠪᠦᠯᠬᠦᠮᠳᠡᠨ ᠬᠠᠮᠲᠤᠷᠠᠯᠴᠠᠬᠤ ᠪᠠᠷ ᠲᠠᠮᠵᠢᠨ ᠡᠯ᠎ᠡ ᠵᠦᠢᠯ ᠤᠨ ᠥᠷᠢᠰᠦᠯᠳᠦᠭᠡᠨ ᠢ ᠠᠷᠭᠠᠴᠠᠵᠤ᠂ ᠲᠤᠰ ᠪᠡᠶ᠎ᠡ ᠶᠢᠨ ᠵᠦᠢ ᠶᠣᠰᠣᠨ ᠤ ᠡᠷᠬᠡ ᠠᠰᠢᠭ ᠢᠶᠠᠨ ᠬᠠᠮᠠᠭᠠᠯᠠᠵᠤ᠂ ᠤᠯᠠᠨ ᠤᠯᠤᠰ ᠤᠨ ᠠᠷᠠᠯᠵᠢᠶᠠᠨ ᠤ ᠳᠦᠷᠢᠮ ᠢ ᠬᠠᠮᠠᠭᠠᠯᠠᠵᠤ᠂ ᠳᠡᠯᠡᠬᠡᠢ ᠶᠢᠨ ᠲᠥᠪ ᠭᠤᠣᠯᠴᠢ ᠰᠢᠳᠤᠷᠭᠤ ᠶᠣᠰᠣ ᠶᠢ ᠬᠠᠮᠠᠭᠠᠯᠠᠨ᠎ᠠ ᠭᠡᠵᠦ ᠴᠢᠬᠤᠯᠠᠴᠢᠯᠠᠪᠠ᠃
ᠷᠦᠲ᠋ᠤ᠋᠂ ᠺᠧᠨᠢᠶᠠ ᠳᠤᠮᠳᠠᠳᠤ ᠴᠢᠩ ᠦᠨᠡᠨᠴᠢ ᠪᠠᠷ ᠬᠠᠨᠳᠤᠵᠤ᠂ ᠬᠠᠷᠢᠯᠴᠠᠨ ᠠᠰᠢᠭᠲᠠᠢ ᠬᠠᠮᠲᠤ ᠪᠠᠷ ᠠᠰᠢᠭ ᠭᠦᠷᠳᠡᠭᠦ ᠶᠢ ᠢᠮᠠᠭᠲᠠ ᠪᠠᠷᠢᠮᠲᠠᠯᠠᠵᠤ᠂ ᠬᠤᠶᠠᠷ ᠤᠯᠤᠰ ᠤᠨ ᠬᠠᠮᠲᠤᠷᠠᠯᠴᠠᠭ᠎ᠠ ᠬᠠᠮᠲᠤ ᠶᠢᠨ ᠬᠦᠰᠡᠯ ᠡᠷᠡᠮᠡᠯᠵᠡᠯ ᠲᠠᠢ ᠪᠠᠶᠢᠵᠤ᠂ ᠠᠷᠠᠳ ᠲᠦᠮᠡᠨ ᠢᠶᠠᠷ ᠭᠤᠣᠯ ᠪᠤᠯᠭᠠᠬᠤ ᠶᠢ ᠪᠠᠷᠢᠮᠲᠠᠯᠠᠭᠰᠠᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠲᠤᠷᠠᠯᠴᠠᠭᠠᠨ ᠤ ᠬᠠᠨᠢᠲᠠᠨ ᠪᠣᠯᠣᠨ᠎ᠠ᠃ ᠺᠧᠨᠢᠶᠠ ᠶᠢᠨ ᠬᠢᠨ ᠨᠢᠭᠡ ᠳᠤᠮᠳᠠᠳᠤ ᠤᠯᠤᠰ ᠪᠠᠶᠢᠬᠤ ᠲᠦᠷᠦ ᠶᠢᠨ ᠪᠣᠳᠣᠯᠭ᠎ᠠ ᠶᠢ ᠡᠷᠡᠰ ᠬᠡᠷᠡᠭᠵᠢᠭᠦᠯᠵᠦ᠂ ᠲᠠᠶᠢᠸᠠᠨ ᠪᠣᠯ ᠳᠤᠮᠳᠠᠳᠤ ᠤᠯᠤᠰ ᠤᠨ ᠨᠤᠲᠤᠭ ᠳᠡᠪᠢᠰᠬᠡᠷ ᠤᠨ ᠰᠠᠯᠵᠤ ᠪᠣᠯᠣᠰᠢ ᠦᠭᠡᠢ ᠨᠢᠭᠡ ᠬᠡᠰᠡᠭ ᠪᠤᠯᠬᠤ ᠶᠢ ᠪᠠᠷᠢᠮᠲᠠᠯᠠᠨ᠎ᠠ᠃ ᠺᠧᠨᠢᠶᠠ ᠶᠢᠨ ᠬᠢᠨ ᠳᠤᠮᠳᠠᠳᠤ ᠤᠯᠤᠰ ᠤᠨ ᠵᠠᠰᠠᠭ ᠤᠨ ᠣᠷᠳᠣᠨ ᠪᠣᠯᠣᠨ ᠠᠷᠠᠳ ᠲᠦᠮᠡᠨ ᠤ ᠺᠧᠨᠢᠶᠠ ᠶᠢᠨ ᠰᠠᠭᠤᠷᠢ ᠪᠡᠯᠡᠳᠭᠡᠮᠵᠢ ᠶᠢᠨ ᠲᠦᠪᠰᠢᠨ ᠢ ᠳᠡᠭᠡᠭᠰᠢᠯᠡᠭᠦᠯᠭᠦ᠂ ᠪᠠᠶᠢᠭᠠᠯᠢ ᠶᠢᠨ ᠭᠠᠮᠰᠢᠭ ᠢ ᠠᠷᠭᠠᠴᠠᠬᠤ ᠳᠤ ᠬᠠᠷᠠᠮ ᠦᠭᠡᠢ ᠬᠠᠪᠰᠤᠷᠤᠯᠭ᠎ᠠ ᠦᠵᠡᠭᠦᠯᠦᠭᠰᠡᠨ ᠳᠤ ᠲᠠᠯᠠᠷᠬᠠᠵᠤ ᠪᠠᠶᠢᠨ᠎ᠠ᠂ ᠮᠤᠮᠪᠠᠰᠠ ᠠᠴᠠ ᠨᠠᠶᠢᠷᠤᠪᠢ ᠬᠦᠷᠬᠦ ᠲᠡᠮᠦᠷ ᠵᠠᠮ ᠵᠡᠷᠭᠡ 《ᠨᠢᠭᠡ ᠪᠦᠰᠡ ᠨᠢᠭᠡ ᠵᠠᠮ》 ᠲᠦᠷᠦᠯ ᠵᠦᠢᠯ ᠺᠧᠨᠢᠶᠠ ᠶᠢᠨ ᠤᠯᠤᠰ ᠤᠨ ᠬᠥᠭᠵᠢᠯᠲᠡ ᠶᠢ ᠬᠦᠴᠦᠲᠡᠢ ᠠᠬᠢᠭᠤᠯᠪᠠ᠃ ᠺᠧᠨᠢᠶᠠ ᠶᠢᠨ ᠬᠢᠨ ᠳᠤᠷᠠᠲᠠᠶ᠎ᠠ ᠳᠤᠮᠳᠠᠳᠤ ᠤᠯᠤᠰ ᠯᠤᠭ᠎ᠠ ᠭᠠᠷ ᠬᠤᠯᠪᠣᠯᠴᠠᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠵᠤ᠂ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠪᠠᠨ ᠪᠦᠭᠦ ᠲᠠᠯ᠎ᠠ ᠪᠠᠷ ᠵᠣᠯᠭᠠᠭᠤᠯᠵᠤ᠂ ᠠᠷᠠᠯᠵᠢᠶ᠎ᠠ᠂ ᠪᠡᠯᠡ ᠣᠷᠣᠭᠤᠯᠤᠯᠲᠠ᠂ ᠰᠠᠭᠤᠷᠢ ᠪᠡᠯᠡᠳᠭᠡᠮᠵᠢ ᠶᠢᠨ ᠪᠦᠲᠦᠭᠡᠨ ᠪᠠᠶᠢᠭᠤᠯᠤᠯᠲᠠ᠂ ᠰᠢᠨᠵᠢᠯᠡᠬᠦ ᠤᠬᠠᠭᠠᠨ ᠮᠡᠷᠭᠡᠵᠢᠯ ᠵᠡᠷᠭᠡ ᠬᠦᠷᠢᠶᠡᠨ ᠳᠠᠬᠢ ᠬᠠᠮᠲᠤᠷᠠᠯᠴᠠᠭ᠎ᠠ ᠪᠠᠨ ᠴᠢᠩᠭᠠᠳᠬᠠᠵᠤ᠂ ᠰᠤᠷᠭᠠᠨ ᠬᠥᠮᠦᠵᠢᠯ᠂ ᠰᠣᠶᠣᠯ᠂ ᠵᠢᠭᠤᠯᠴᠢᠯᠠᠯ ᠤᠨ ᠰᠣᠯᠢᠯᠴᠠᠭ᠎ᠠ ᠪᠠᠨ ᠨᠡᠮᠡᠭᠳᠡᠭᠦᠯᠵᠦ᠂ ᠲᠤᠰ ᠲᠤᠰ ᠤᠨ ᠣᠳᠣᠬᠢᠴᠢᠯᠠᠯᠲᠠ ᠶᠢᠨ ᠠᠬᠢᠴᠠ ᠪᠠᠨ ᠠᠬᠢᠭᠤᠯᠵᠤ᠂ ᠬᠤᠶᠠᠷ ᠤᠯᠤᠰ ᠤᠨ ᠢᠷᠡᠭᠡᠳᠦᠢ ᠶᠢ ᠨᠡᠩ ᠨᠢᠭᠲᠠ ᠬᠤᠯᠪᠣᠨ᠎ᠠ᠃ ᠳᠤᠮᠳᠠᠳᠤ ᠠᠹᠷᠢᠺᠠ ᠶᠢᠨ ᠬᠠᠮᠲᠤᠷᠠᠯᠴᠠᠭ᠎ᠠ ᠨᠢ ᠠᠹᠷᠢᠺᠠ ᠲᠢᠪ ᠤᠨ ᠡᠩᠬᠡ ᠲᠠᠶᠢᠪᠤᠩ ᠬᠥᠭᠵᠢᠯᠲᠡ ᠳᠤ ᠠᠰᠢᠭᠲᠠᠢ ᠶᠤᠮ᠂ ᠺᠧᠨᠢᠶᠠ ᠶᠢᠨ ᠬᠢᠨ ᠳᠤᠷᠠᠲᠠᠶ᠎ᠠ ᠳᠤᠮᠳᠠᠳᠤ ᠤᠯᠤᠰ ᠯᠤᠭ᠎ᠠ ᠨᠢᠭᠲᠠ ᠵᠣᠬᠢᠴᠠᠭᠤᠯᠤᠨ ᠬᠠᠮᠵᠢᠯᠴᠠᠵᠤ᠂ ᠳᠤᠮᠳᠠᠳᠤ ᠠᠹᠷᠢᠺᠠ ᠶᠢᠨ ᠬᠠᠮᠲᠤᠷᠠᠯᠴᠠᠭᠠᠨ ᠤ ᠶᠠᠷᠢᠶᠠᠨ ᠤ ᠲᠠᠪᠴᠠᠩ ᠤᠨ ᠪᠡᠭᠡᠵᠢᠩ ᠳᠠᠬᠢ ᠲᠦᠷᠦᠭᠦᠴᠦᠳ ᠤᠨ ᠬᠤᠷᠠᠯ ᠤᠨ ᠦᠷ᠎ᠡ ᠪᠦᠲᠦᠭᠡᠯ ᠢ ᠰᠠᠶᠢᠲᠤᠷ ᠨᠠᠶᠢᠳᠠᠪᠤᠷᠢᠵᠢᠭᠤᠯᠤᠨ᠎ᠠ᠃ ᠠᠷᠠᠯᠵᠢᠶᠠᠨ ᠤ ᠳᠠᠶᠢᠨ ᠨᠢ ᠣᠳᠣ ᠶᠢᠨ ᠪᠠᠶᠢᠭ᠎ᠠ ᠣᠯᠠᠨ ᠤᠯᠤᠰ ᠤᠨ ᠳᠦᠷᠢᠮ ᠪᠠ ᠡᠮᠬᠢ ᠳᠢᠭᠯᠢᠮ ᠢ ᠡᠪᠳᠡᠵᠦ ᠪᠤᠢ᠃ ᠺᠧᠨᠢᠶᠠ ᠶᠢᠨ ᠬᠢᠨ ᠳᠤᠮᠳᠠᠳᠤ ᠤᠯᠤᠰ ᠤᠨ ᠣᠳᠣᠬᠠᠨ ᠤ ᠣᠷᠤᠭ᠎ᠠ ᠪᠤᠰᠬᠠᠭ᠎ᠠ ᠪᠠᠶᠢᠳᠠᠯ ᠳᠤ ᠲᠣᠭᠲᠠᠪᠤᠷᠢᠵᠢᠭᠤᠯᠤᠭᠴᠢ ᠶᠢᠨ ᠦᠢᠯᠡᠳᠦᠯ ᠢᠶᠠᠨ ᠪᠠᠳᠠᠷᠠᠭᠤᠯᠵᠤ᠂ ᠪᠦᠭᠦ ᠪᠥᠮᠪᠥᠷᠴᠡᠭ ᠤᠨ ᠬᠥᠭᠵᠢᠵᠦ ᠪᠠᠶᠢᠭ᠎ᠠ ᠤᠯᠤᠰ ᠤᠳ ᠤᠨ ᠵᠦᠢ ᠶᠣᠰᠣᠨ ᠤ ᠡᠷᠬᠡ ᠠᠰᠢᠭ ᠢ ᠬᠠᠮᠠᠭᠠᠯᠠᠵᠤ ᠪᠠᠶᠢᠬᠤ ᠶᠢ ᠮᠠᠭᠲᠠᠨ ᠰᠠᠶᠢᠰᠢᠶᠠᠵᠤ ᠪᠠᠶᠢᠨ᠎ᠠ᠃ ᠺᠧᠨᠢᠶᠠ ᠶᠢᠨ ᠬᠢᠨ ᠳᠤᠷᠠᠲᠠᠶ᠎ᠠ ᠳᠤᠮᠳᠠᠳᠤ ᠤᠯᠤᠰ ᠯᠤᠭ᠎ᠠ ᠤᠯᠠᠨ ᠲᠠᠯᠠᠲᠤ ᠦᠵᠡᠯ ᠢ ᠬᠠᠮᠲᠤ ᠪᠠᠷ ᠪᠠᠷᠢᠮᠲᠠᠯᠠᠨ ᠦᠢᠯᠡᠳᠦᠯᠭᠡᠵᠢᠭᠦᠯᠦᠨ᠎ᠡ ᠭᠡᠵᠦ ᠢᠯᠡᠳᠬᠡᠪᠡ᠃
ᠬᠡᠯᠡᠯᠴᠡᠭᠡ ᠲᠡᠭᠦᠰᠦᠭᠰᠡᠨ ᠤ ᠲᠠᠷᠠᠭ᠎ᠠ᠂ ᠬᠤᠶᠠᠷ ᠤᠯᠤᠰ ᠤᠨ ᠲᠡᠷᠢᠭᠦᠨ 《ᠨᠢᠭᠡ ᠪᠦᠰᠡ ᠨᠢᠭᠡ ᠵᠠᠮ》 ᠢ ᠬᠠᠮᠲᠤ ᠪᠠᠷ ᠪᠦᠲᠦᠭᠡᠨ ᠪᠠᠶᠢᠭᠤᠯᠬᠤ᠂ ᠳᠡᠭᠡᠳᠦ ᠰᠢᠨ᠎ᠡ ᠮᠡᠷᠭᠡᠵᠢᠯ᠂ ᠰᠣᠶᠣᠯ ᠢᠷᠭᠡᠨᠰᠢᠯ ᠤᠨ ᠰᠣᠯᠢᠯᠴᠠᠭ᠎ᠠ᠂ ᠠᠵᠤ ᠠᠬᠤᠢ ᠠᠷᠠᠯᠵᠢᠶ᠎ᠠ᠂ ᠰᠣᠨᠢᠨ ᠮᠡᠳᠡᠭᠡ ᠵᠠᠭᠤᠴᠢᠯᠠᠭᠤᠷ ᠵᠡᠷᠭᠡ ᠬᠦᠷᠢᠶᠡᠨ ᠳᠠᠬᠢ 20 ᠵᠦᠢᠯ ᠤᠨ ᠬᠠᠮᠲᠤᠷᠠᠯᠴᠠᠭᠠᠨ ᠤ ᠪᠢᠴᠢᠭ ᠮᠠᠲ᠋ᠧᠷᠢᠶᠠᠯ ᠳᠤ ᠭᠠᠷ ᠤᠨ ᠦᠰᠦᠭ ᠵᠢᠷᠤᠬᠤ ᠶᠢ ᠬᠠᠮᠲᠤ ᠪᠠᠷ ᠭᠡᠷᠡᠴᠢᠯᠡᠪᠡ᠃
ᠬᠤᠶᠠᠷ ᠲᠠᠯ᠎ᠠ ᠪᠠᠷ ᠢᠶᠠᠨ 《ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠣᠯᠣᠨ ᠪᠦᠭᠦᠳᠡ ᠨᠠᠶᠢᠷᠠᠮᠳᠠᠬᠤ ᠺᠧᠨᠢᠶᠠ ᠤᠯᠤᠰ ᠤᠨ ᠰᠢᠨ᠎ᠡ ᠴᠠᠭ ᠦᠶ᠎ᠡ ᠶᠢᠨ ᠪᠦᠭᠦ ᠲᠠᠯ᠎ᠠ ᠶᠢᠨ ᠳᠤᠮᠳᠠᠳᠤ ᠠᠹᠷᠢᠺᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠦᠯᠢᠭᠡᠷ ᠳᠠᠭᠤᠷᠢᠶᠠᠯ ᠪᠤᠯᠬᠤ ᠲᠤᠬᠠᠢ ᠬᠠᠮᠲᠤᠷᠠᠭᠰᠠᠨ ᠢᠯᠡᠷᠬᠡᠶᠢᠯᠡᠯᠲᠡ》 ᠶᠢ ᠨᠡᠶᠢᠲᠡᠯᠡᠪᠡ᠃
ᠬᠡᠯᠡᠯᠴᠡᠭᠡ ᠬᠢᠬᠦ ᠠᠴᠠ ᠡᠮᠦᠨ᠎ᠡ᠂ ᠬᠠᠳᠤᠨ ᠫᠧᠩ ᠯᠢ ᠶᠤᠸᠠᠨ ᠲᠠᠢ ᠪᠠᠨ ᠠᠷᠠᠳ ᠤᠨ ᠶᠡᠭᠡ ᠬᠤᠷᠠᠯ ᠤᠨ ᠲᠠᠩᠬᠢᠮ ᠤᠨ ᠵᠡᠭᠦᠨ ᠡᠭᠦᠳᠡᠨ ᠤ ᠭᠠᠳᠠᠨᠠᠬᠢ ᠠᠭᠤᠳᠠᠮ ᠲᠠᠯᠠᠪᠠᠢ ᠳᠤ ᠷᠦᠲ᠋ᠤ᠋ ᠪᠣᠯᠣᠨ ᠲᠡᠭᠦᠨ ᠤ ᠬᠠᠳᠤᠨ ᠯᠸᠶᠢᠴᠢᠶᠧᠷ ᠢ ᠤᠭᠲᠤᠬᠤ ᠶᠣᠰᠣᠯᠠᠯ ᠶᠠᠪᠤᠭᠤᠯᠪᠠ᠃
ᠷᠦᠲ᠋ᠤ᠋ ᠬᠦᠷᠴᠦ ᠢᠷᠡᠬᠦ ᠦᠶ᠎ᠡ ᠳᠤ ᠶᠣᠰᠣᠯᠠᠯ ᠤᠨ ᠴᠡᠷᠢᠭ ᠮᠥᠷᠯᠡᠨ ᠵᠣᠭᠰᠣᠵᠤ ᠬᠦᠨᠳᠦᠳᠬᠡᠯ ᠳᠡᠪᠰᠢᠭᠦᠯᠪᠡ᠃ ᠷᠦᠲ᠋ᠤ᠋ ᠲᠠᠢ ᠬᠠᠮᠲᠤ ᠰᠢᠯᠭᠠᠨ ᠦᠵᠡᠬᠦ ᠲᠠᠶᠢᠰᠠᠨ ᠳᠤ ᠭᠠᠷᠴᠤ᠂ ᠴᠡᠷᠢᠭ ᠤᠨ ᠬᠥᠭᠵᠢᠮ ᠤᠨ ᠪᠦᠯᠭᠦᠮ ᠳᠤᠮᠳᠠᠳᠤ ᠺᠧᠨᠢᠶᠠ ᠬᠤᠶᠠᠷ ᠤᠯᠤᠰ ᠤᠨ ᠰᠦᠯᠳᠡ ᠳᠠᠭᠤᠤ ᠶᠢ ᠬᠥᠭᠵᠢᠮᠳᠡᠵᠦ᠂ ᠲᠢᠶᠠᠨ ᠠᠨ ᠮᠧᠨ ᠠᠭᠤᠳᠠᠮ ᠲᠠᠯᠠᠪᠠᠢ ᠳᠤ ᠶᠣᠰᠣᠯᠠᠯ ᠤᠨ ᠫᠤᠤ ᠶᠢ 21 ᠳᠤᠤᠭᠠᠷᠭᠠᠪᠠ᠃ ᠷᠦᠲ᠋ᠤ᠋ ᠤᠨ ᠪᠠᠷ᠎ᠠ ᠪᠤᠯᠤᠯᠭ᠎ᠠ ᠲᠠᠢ ᠪᠠᠷ ᠳᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ ᠶᠣᠰᠣᠯᠠᠯ ᠤᠨ ᠠᠩᠭᠢ ᠶᠢ ᠰᠢᠯᠭᠠᠨ ᠦᠵᠡᠭᠰᠡᠨ ᠪᠥᠭᠡᠳ ᠵᠢᠭᠰᠠᠭᠠᠯ ᠢ ᠰᠣᠨᠢᠷᠬᠠᠪᠠ᠃
ᠲᠤᠰ ᠡᠳᠦᠷ ᠤᠨ ᠦᠳᠡ ᠳᠤ᠂ ᠪᠣᠯᠣᠨ ᠫᠧᠩ ᠯᠢ ᠶᠤᠸᠠᠨ ᠠᠷᠠᠳ ᠤᠨ ᠶᠡᠭᠡ ᠬᠤᠷᠠᠯ ᠤᠨ ᠲᠠᠩᠬᠢᠮ ᠤᠨ ᠰᠢᠵᠢᠷ ᠠᠯᠳᠠᠨ ᠶᠡᠭᠡ ᠲᠢᠩᠬᠢᠮ ᠳᠤ ᠷᠦᠲ᠋ᠤ᠋ ᠪᠣᠯᠣᠨ ᠲᠡᠭᠦᠨ ᠤ ᠬᠠᠳᠤᠨ ᠢ ᠤᠭᠲᠤᠬᠤ ᠳᠠᠶᠢᠯᠠᠯᠭ᠎ᠠ ᠬᠢᠪᠡ᠃
ᠸᠠᠩ ᠢ ᠳᠡᠭᠡᠷᠡᠬᠢ ᠠᠵᠢᠯᠯᠠᠭ᠎ᠠ ᠳᠤ ᠣᠷᠣᠯᠴᠠᠵᠠᠢ᠃