ᠵᠤᠬᠢᠶᠠᠭᠴᠢ:
ᠴᠠᠭ:2025-06-04
ᠥᠵᠡᠭᠰᠡᠨ : ℃
ᠢᠷᠡᠯᠲᠡ:
ᠥᠪᠡᠷᠲᠡᠭᠡᠨ ᠵᠠᠰᠠᠬᠤ ᠣᠷᠣᠨ ᠤ ᠡᠪᠯᠡᠯ ᠤᠨ ᠬᠤᠷᠢᠶ᠎ᠠ 12355 ᠨᠢᠭᠡᠳᠦᠯᠲᠡᠢ ᠰᠢᠯᠭᠠᠯᠲᠠ ᠳᠤ ᠣᠷᠣᠯᠴᠠᠭᠰᠠᠳ ᠤᠨ ᠰᠢᠷᠢᠰ ᠠᠵᠢᠯᠯᠠᠭ᠎ᠠ ᠥᠷᠨᠢᠭᠦᠯᠵᠦ ᠪᠤᠢ
ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠪᠠ ᠶᠡᠭᠡ ᠳᠡᠭᠡᠳᠦ ᠰᠤᠷᠭᠠᠭᠤᠯᠢ ᠳᠤ ᠰᠣᠷᠣᠬᠴᠢ ᠡᠯᠰᠡᠬᠦ ᠨᠢᠭᠡᠳᠦᠯᠲᠡᠢ ᠰᠢᠯᠭᠠᠯᠲᠠ ᠣᠶᠢᠷᠠᠳᠴᠤ ᠪᠠᠶᠢᠭ᠎ᠠ ᠲᠠᠰᠢᠷᠠᠮ ᠢᠶᠠᠷ᠂ ᠥᠪᠡᠷᠲᠡᠭᠡᠨ ᠵᠠᠰᠠᠬᠤ ᠣᠷᠣᠨ ᠤ ᠡᠪᠯᠡᠯ ᠤᠨ ᠬᠤᠷᠢᠶ᠎ᠠ ᠪᠦᠭᠦ ᠣᠷᠣᠨ ᠳᠤ 12355 ᠨᠢᠭᠡᠳᠦᠯᠲᠡᠢ ᠰᠢᠯᠭᠠᠯᠲᠠ ᠳᠤ ᠣᠷᠣᠯᠴᠠᠭᠰᠠᠳ ᠤᠨ ᠰᠢᠷᠢᠰ ᠠᠵᠢᠯᠯᠠᠭ᠎ᠠ ᠶᠢ ᠡᠬᠢᠯᠡᠭᠦᠯᠵᠦ᠂ ᠨᠡᠶᠢᠲᠡ ᠶᠢᠨ ᠠᠰᠠᠷᠠᠮᠵᠢ ᠶᠢᠨ ᠣᠬᠤᠷ ᠮᠡᠳᠡᠭᠡ ᠶᠠᠪᠤᠭᠤᠯᠬᠤ᠂ ᠠᠰᠠᠭᠤᠨ ᠯᠠᠪᠯᠠᠬᠤ ᠲᠤᠰᠬᠠᠢ ᠤᠲᠠᠰᠤ ᠨᠡᠪᠲᠡᠷᠡᠭᠦᠯᠬᠦ᠂ ᠰᠦᠯᠵᠢᠶᠡᠨ ᠳᠡᠭᠡᠷᠡᠬᠢ ᠪᠠ ᠪᠣᠳᠠᠲᠤ ᠴᠣᠭᠴᠠ ᠶᠢᠨ ᠭᠤᠣᠯ ᠰᠡᠳᠦᠪᠲᠦ ᠠᠵᠢᠯᠯᠠᠭ᠎ᠠ ᠡᠷᠭᠢᠯᠡᠭᠦ ᠵᠡᠷᠭᠡ ᠭᠡᠯᠪᠡᠷᠢ ᠪᠠᠷ ᠥᠷᠭᠡᠨ ᠣᠯᠠᠨ ᠰᠢᠯᠭᠠᠭᠤᠯᠤᠭᠰᠠᠳ ᠤᠨ ᠰᠡᠳᠬᠢᠴᠡ ᠶᠢᠨ ᠶᠢ ᠬᠥᠩᠭᠡᠷᠡᠭᠦᠯᠵᠦ᠂ ᠰᠠᠶᠢᠨ ᠰᠠᠶᠢᠬᠠᠨ ᠰᠡᠳᠬᠢᠴᠡ ᠶᠢᠨ ᠪᠠᠶᠢᠳᠠᠯ ᠢ ᠪᠠᠲᠤᠯᠠᠵᠤ ᠪᠤᠶ᠃
5 ᠰᠠᠷ᠎ᠠ 7 ᠰᠠᠷ᠎ᠠ ᠪᠤᠯᠲᠠᠯ᠎ᠠ᠂ ᠥᠪᠡᠷᠲᠡᠭᠡᠨ ᠵᠠᠰᠠᠬᠤ ᠣᠷᠣᠨ ᠤ ᠡᠪᠯᠡᠯ ᠤᠨ ᠬᠤᠷᠢᠶ᠎ᠠ ᠶᠢᠨ 12355 ᠵᠠᠯᠠᠭᠤᠴᠤᠳ ᠪᠠᠭᠠᠴᠤᠳ ᠤᠨ ᠦᠢᠯᠡᠴᠢᠯᠡᠭᠡᠨ ᠤ ᠲᠠᠪᠴᠠᠩ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠪᠠ ᠶᠡᠭᠡ ᠳᠡᠭᠡᠳᠦ ᠰᠤᠷᠭᠠᠭᠤᠯᠢ ᠳᠤ ᠳᠠᠷᠤᠭᠠᠰᠤ ᠶᠢ ᠨᠡᠶᠢᠲᠡ ᠶᠢᠨ ᠠᠰᠠᠷᠠᠮᠵᠢ ᠶᠢᠨ ᠲᠤᠰᠬᠠᠢ ᠤᠲᠠᠰᠤ ᠶᠢ ᠨᠠᠪᠲᠠᠷᠡᠭᠦᠯᠵᠦ᠂ 12355 ᠰᠡᠳᠬᠢᠴᠡ ᠶᠢᠨ ᠵᠥᠪᠯᠡᠯᠭᠡ ᠥᠭᠭᠦᠭᠴᠢ 7 × 24 × ᠴᠠᠭ ᠢᠶᠠᠷ ᠵᠢᠵᠢᠭᠦᠷᠯᠡᠵᠦ᠂ ᠥᠷᠭᠡᠨ ᠣᠯᠠᠨ ᠰᠢᠯᠭᠠᠭᠤᠯᠤᠭᠴᠢ ᠪᠠ ᠭᠡᠷ ᠤᠨ ᠠᠬᠠᠮᠠᠳ ᠲᠤ ᠬᠠᠮᠢᠶ᠎ᠠ ᠪᠦᠬᠦᠢ ᠠᠰᠠᠭᠤᠨ ᠯᠠᠪᠯᠠᠯᠭ᠎ᠠ ᠬᠠᠩᠭᠠᠵᠤ᠂ ᠬᠡᠷᠡᠭᠴᠡᠭᠡ ᠲᠠᠢ ᠰᠢᠯᠭᠠᠭᠤᠯᠤᠭᠴᠢ ᠵᠢᠴᠢ ᠭᠡᠷ ᠤᠨ ᠠᠬᠠᠮᠠᠳ《0471-12353》 ᠳᠦ ᠤᠲᠠᠰᠤᠳᠠᠵᠤ ᠦᠢᠯᠡᠴᠢᠯᠡᠭᠡ ᠬᠦᠷᠲᠡᠵᠦ ᠪᠣᠯᠣᠨ᠎ᠠ᠃ ᠡᠭᠦᠨ ᠠᠴᠠ ᠭᠠᠳᠠᠨ᠎ᠠ᠂ ᠥᠪᠡᠷᠲᠡᠭᠡᠨ ᠵᠠᠰᠠᠬᠤ ᠣᠷᠣᠨ ᠤ ᠡᠪᠯᠡᠯ ᠤᠨ ᠬᠤᠷᠢᠶ᠎ᠠ ᠵᠠᠯᠭᠠᠭ᠎ᠠ ᠪᠠᠷ《ᠯᠠᠪᠳᠠᠭᠤᠨ ᠢᠶᠠᠷ ᠰᠢᠯᠭᠠᠯᠲᠠ ᠳᠤ ᠪᠡᠯᠡᠳᠬᠡᠨᠡᠮ · 12355 ᠲᠠᠨ ᠲᠠᠢ ᠬᠠᠮᠲᠤ ᠪᠠᠶᠢᠨ᠎ᠠ》ᠭᠡᠬᠦ ᠰᠢᠷᠢᠰ ᠠᠵᠢᠯᠯᠠᠭ᠎ᠠ ᠥᠷᠨᠢᠭᠦᠯᠵᠦ᠂ ᠪᠦᠭᠦ ᠣᠷᠣᠨ ᠤ ᠡᠯ᠎ᠡ ᠱᠠᠲᠤᠨ ᠤ ᠡᠪᠯᠡᠯ ᠤᠨ ᠵᠣᠬᠢᠶᠠᠨ ᠪᠠᠶᠢᠭᠤᠯᠤᠯᠲᠠ ᠠᠴᠠ ᠰᠡᠳᠬᠢᠴᠡ ᠶᠢᠨ ᠵᠥᠪᠯᠡᠯᠭᠡ ᠥᠭᠬᠦ ᠲᠤᠰᠬᠠᠢ ᠮᠡᠷᠭᠡᠵᠢᠯ ᠤᠨ ᠬᠦᠴᠦᠨ ᠢ ᠵᠣᠬᠢᠶᠠᠨ ᠪᠠᠶᠢᠭᠤᠯᠵᠤ᠂ ᠬᠡᠰᠡᠭ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠣᠷᠣᠬᠴᠢ ᠡᠯᠰᠡᠬᠦ ᠨᠢᠭᠡᠳᠦᠯᠲᠡᠢ ᠰᠢᠯᠭᠠᠯᠲᠠ ᠶᠢᠨ ᠰᠢᠯᠭᠠᠭᠤᠯᠤᠭᠴᠢ ᠶᠢᠨ ᠪᠠᠶᠢᠭ᠎ᠠ ᠰᠤᠷᠭᠠᠭᠤᠯᠢ᠂ ᠨᠡᠶᠢᠭᠡᠮ ᠲᠣᠭᠤᠷᠢᠭ ᠵᠡᠷᠭᠡ ᠳᠤ ᠬᠦᠷᠴᠦ᠂ ᠰᠢᠯᠭᠠᠭᠤᠯᠤᠭᠴᠢ ᠵᠢᠴᠢ ᠭᠡᠷ ᠤᠨ ᠠᠬᠠᠮᠠᠳ ᠲᠤ ᠬᠠᠨᠳᠤᠭᠤᠯᠤᠨ ᠰᠡᠳᠬᠢᠴᠡ ᠶᠢᠨ ᠡᠷᠡᠭᠦᠯ ᠮᠡᠨᠳᠦ ᠶᠢᠨ ᠲᠠᠶᠢᠯᠤᠮᠵᠢ᠂ ᠵᠥᠪᠯᠡᠯᠭᠡ ᠥᠭᠬᠦ ᠵᠡᠷᠭᠡ ᠠᠵᠢᠯᠯᠠᠭ᠎ᠠ ᠥᠷᠨᠢᠭᠦᠯᠵᠦ᠂ ᠣᠲᠣ ᠪᠤᠯᠲᠠᠯ᠎ᠠ ᠨᠢᠭᠡᠨᠲᠡ 244 ᠤᠳᠠᠭ᠎ᠠ ᠥᠷᠨᠢᠭᠦᠯᠵᠦ᠂ 9.6 ᠲᠦᠮᠡᠨ ᠬᠥᠮᠥᠨ ᠤᠳᠠᠭ᠎ᠠ ᠶᠢ ᠬᠠᠮᠤᠷᠤᠭᠰᠠᠨ ᠪᠠᠶᠢᠨ᠎ᠠ᠃
ᠣᠶᠢᠷ᠎ᠠ ᠶᠢᠨ ᠵᠢᠯ ᠤᠳ ᠲᠤ᠂ ᠥᠪᠡᠷᠲᠡᠭᠡᠨ ᠵᠠᠰᠠᠬᠤ ᠣᠷᠣᠨ ᠤ ᠡᠪᠯᠡᠯ ᠤᠨ ᠬᠤᠷᠢᠶ᠎ᠠ 12355 ᠵᠠᠯᠠᠭᠤᠴᠤᠳ ᠪᠠᠭᠠᠴᠤᠳ ᠤᠨ ᠦᠢᠯᠡᠴᠢᠯᠡᠭᠡᠨ ᠤ ᠲᠠᠪᠴᠠᠩ ᠳᠤ ᠲᠦᠰᠢᠭᠯᠡᠨ᠂《ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠡᠭᠡ ᠳᠡᠭᠡᠳᠦ ᠰᠤᠷᠭᠠᠭᠤᠯᠢ ᠳᠤ ᠰᠣᠷᠣᠬᠴᠢ ᠡᠯᠰᠡᠬᠦ ᠨᠢᠭᠡᠳᠦᠯᠲᠡᠢ ᠰᠢᠯᠭᠠᠯᠲᠠ 》《ᠵᠠᠯᠠᠭᠤᠴᠤᠳ ᠥᠪᠡᠷ ᠢ ᠪᠠᠨ ᠬᠠᠮᠠᠭᠠᠯᠠᠬᠤ ᠬᠥᠮᠦᠵᠢᠯ》ᠵᠡᠷᠭᠡ ᠭᠤᠣᠯ ᠰᠡᠳᠦᠪ ᠤᠨ ᠲᠣᠭᠤᠷᠢᠨ ᠳᠤ᠂ ᠲᠤᠰᠬᠠᠢ ᠮᠡᠷᠭᠡᠵᠢᠯ ᠤᠨ ᠬᠦᠴᠦᠨ ᠢ ᠵᠣᠬᠢᠶᠠᠨ ᠪᠠᠶᠢᠭᠤᠯᠵᠤ ᠰᠤᠷᠭᠠᠭᠤᠯᠢ᠂ ᠮᠠᠯᠵᠢᠬᠤ ᠲᠠᠷᠢᠶᠠᠯᠠᠬᠤ ᠣᠷᠣᠨ᠂ ᠵᠡᠭᠡᠯᠢ ᠭᠤᠳᠤᠮᠵᠢ᠂ ᠨᠡᠶᠢᠭᠡᠮ ᠲᠣᠭᠤᠷᠢᠭ᠂ ᠷᠠᠳᠢᠣ᠋ ᠨᠡᠪᠲᠡᠷᠡᠭᠦᠯᠭᠡ ᠶᠢᠨ ᠬᠤᠷᠢᠶ᠎ᠠ ᠳᠤ ᠣᠴᠢᠭᠤᠯᠤᠨ᠂ ᠰᠡᠳᠬᠢᠴᠡ ᠶᠢᠨ ᠵᠢᠯᠣᠭᠤᠳᠤᠯᠭ᠎ᠠ᠂ ᠬᠠᠤᠯᠢ ᠳᠦᠷᠢᠮ ᠤᠨ ᠲᠠᠶᠢᠯᠤᠮᠵᠢ ᠵᠡᠷᠭᠡ ᠨᠡᠶᠢᠲᠡ ᠶᠢᠨ ᠠᠰᠠᠷᠠᠮᠵᠢ ᠶᠢᠨ ᠦᠢᠯᠡᠴᠢᠯᠡᠭᠡ ᠶᠢ ᠥᠷᠭᠡᠨ ᠢᠶᠠᠷ ᠥᠷᠨᠢᠭᠦᠯᠵᠦ᠂ ᠥᠷᠭᠡᠨ ᠣᠯᠠᠨ ᠵᠠᠯᠠᠭᠤᠴᠤᠳ ᠪᠠᠭᠠᠴᠤᠳ ᠵᠢᠴᠢ ᠭᠡᠷ ᠤᠨ ᠠᠬᠠᠮᠠᠳ ᠢ ᠬᠠᠪᠰᠤᠷᠤᠨ ᠰᠡᠳᠬᠢᠴᠡ ᠶᠢᠨ ᠡᠷᠡᠭᠦᠯ ᠮᠡᠨᠳᠦ ᠶᠢᠨ ᠶᠡᠷᠦ ᠶᠢᠨ ᠮᠡᠳᠡᠯᠭᠡ ᠶᠢ ᠰᠠᠶᠢᠲᠤᠷ ᠲᠠᠨᠢᠭᠤᠯᠵᠤ᠂ ᠰᠡᠳᠬᠢᠴᠡ ᠶᠢᠨ ᠠᠰᠠᠭᠤᠳᠠᠯ ᠢ ᠢᠯᠭᠠᠨ ᠲᠠᠨᠢᠬᠤ ᠴᠢᠳᠠᠪᠤᠷᠢ ᠶᠢ ᠨᠢ ᠳᠡᠭᠡᠭᠰᠢᠯᠡᠭᠦᠯᠪᠡ᠃ 2023 ᠣᠨ ᠠᠴᠠ ᠨᠠᠭᠠᠰᠢ᠂12355 ᠵᠠᠯᠠᠭᠤᠴᠤᠳ ᠪᠠᠭᠠᠴᠤᠳ ᠤᠨ ᠦᠢᠯᠡᠴᠢᠯᠡᠭᠡᠨ ᠤ ᠲᠠᠪᠴᠠᠩ ᠨᠢ ᠨᠡᠶᠢᠲᠡ 36677 ᠤᠳᠠᠭ᠎ᠠ ᠶᠢᠨ ᠠᠰᠠᠭᠤᠨ ᠯᠠᠪᠯᠠᠯᠭ᠎ᠠ ᠶᠢᠨ ᠤᠲᠠᠰᠤ ᠶᠢ ᠲᠤᠰᠴᠤ ᠪᠦᠲᠦᠮᠵᠢᠲᠡᠢ ᠵᠥᠪᠯᠡᠯᠭᠡ ᠥᠭᠴᠦ᠂ ᠦᠢᠯᠡᠴᠢᠯᠡᠭᠡᠨ ᠤ ᠶᠡᠷᠦᠩᠬᠡᠢ ᠴᠠᠭ ᠨᠢ 42.57 ᠲᠦᠮᠡᠨ ᠮᠢᠨᠦ᠋ᠲ ᠪᠠᠶᠢᠵᠤ᠂ ᠰᠡᠳᠬᠢᠴᠡ ᠶᠢᠨ ᠠᠰᠠᠭᠤᠨ ᠯᠠᠪᠯᠠᠬᠤ ᠣᠨᠴᠠᠭᠠᠶ ᠬᠡᠷᠡᠭ ᠢ 27458 ᠤᠳᠠᠭ᠎ᠠ ᠭᠥᠯᠢᠶᠡᠨ ᠠᠪᠴᠤ ᠰᠢᠢᠳᠪᠦᠷᠢᠯᠡᠪᠡ᠃