ᠵᠤᠬᠢᠶᠠᠭᠴᠢ:
ᠴᠠᠭ:2025-08-05
ᠥᠵᠡᠭᠰᠡᠨ : ℃
ᠢᠷᠡᠯᠲᠡ:
ᠰᠢ ᠵᠢᠨ ᠫᠢᠩ ᠳᠡᠯᠡᠬᠡᠶ ᠵᠠᠯᠠᠭᠤᠴᠤᠳ ᠡᠩᠬᠡ ᠶᠡᠬᠡ ᠬᠤᠷᠠᠯ ᠵᠠᠬᠢᠳᠠᠯ ᠢᠯᠡᠭᠡᠪᠡ
ᠬᠣᠷᠢᠶ᠎ᠠ ᠵᠢᠨ ᠪᠡᠭᠡᠵᠢᠩ 2025 7 ᠰᠠᠷ᠎ᠠ ᠶ᠋ᠢᠨ 29 ᠴᠠᠬᠢᠯᠭᠠᠨ ᠮᠡᠳᠡᠭᠡ 7 ᠰᠠᠷ᠎ᠠ 29 ᠡᠳᠦᠷ᠂ ᠰᠢ ᠵᠢᠨ ᠫᠢᠩ ᠳᠡᠯᠡᠬᠡᠶ ᠵᠠᠯᠠᠭᠤᠴᠤᠳ ᠡᠩᠬᠡ ᠶᠡᠬᠡ ᠬᠤᠷᠠᠯ ᠵᠠᠬᠢᠳᠠᠯ ᠢᠯᠡᠭᠡᠪᠡ᠃
ᠰᠢ ᠵᠢᠨ ᠫᠢᠩ᠂ ᠡᠨᠡ ᠵᠢᠯ ᠪᠣᠯ ᠳᠤᠮᠳᠠᠳᠤ ᠠᠷᠠᠳ ᠡᠰᠡᠷᠭᠦᠴᠡᠬᠦ᠌ ᠵᠢᠴᠢ ᠳᠡᠯᠡᠬᠡᠢ ᠹᠠᠱ᠌ᠢᠰ ᠡᠰᠡᠷᠭᠦᠴᠡᠬᠦ᠌ ᠢᠯᠠᠯᠲᠠ 80 ᠵᠢᠯ ᠤᠢ ᠪᠣᠯᠤᠨ᠎ᠠ᠃ 80 ᠵᠢᠯ ᠡᠮᠦᠨ᠎ᠡ᠂ ᠳᠤᠮᠳᠠᠳᠤ ᠠᠷᠠᠳ ᠲᠦᠮᠡᠨ ᠳᠡᠯᠡᠬᠡᠢ ᠠᠷᠠᠳ ᠲᠦᠮᠡᠨ ᠲᠡᠶ ᠬᠠᠲᠠᠭᠤᠵᠢᠯᠲᠠᠢ ᠴᠢᠰᠤ ᠂ ᠹᠠᠱ᠌ᠢᠰ ᠦᠵᠡᠯ ᠢᠯᠠᠵᠤ᠂ ᠡᠩᠬᠡ ᠬᠢᠯᠪᠠᠷ ᠪᠤᠰᠤ ᠪᠡᠷ ᠣᠯᠵᠦ ᠠᠪᠴᠢᠷᠠᠬᠰᠠᠨ ᠶᠤᠮ ᠭᠡᠵᠤ ᠵᠢᠭᠠᠵᠤ ᠭᠠᠷᠭᠠᠪᠠ᠃
ᠰᠢ ᠵᠢᠨ ᠫᠢᠩ᠂ ᠡᠩᠬᠡ ᠢᠷᠡᠭᠡᠳᠦᠢ ᠵᠠᠯᠠᠭᠤᠴᠤᠳ ᠪᠡᠶ᠎ᠡ ᠳᠡᠭᠡᠷ᠎ᠡ ᠃ ᠡᠯ᠎ᠡ ᠵᠠᠯᠠᠭᠤᠴᠤᠳ ᠡᠨᠡ ᠤᠳᠠᠭ᠎ᠠ ᠶᠡᠬᠡ ᠬᠤᠷᠠᠯ ᠠᠵᠠ ᠲᠣᠬᠢᠶᠠᠯ ᠪᠣᠯᠭᠠᠵᠤ᠂ ᠦᠵᠡᠯ ᠰᠠᠨᠠᠭ᠎ᠠ ᠰᠣᠯᠢᠯᠴᠠᠨ᠂ ᠂ ᠨᠥᠬᠥᠷᠯᠡᠯ ᠂ ᠬᠠᠮᠲᠤ ᠪᠠᠷ ᠡᠩᠬᠡ ᠲᠠᠢᠪᠤᠩ ᠣᠨᠣᠯᠵᠢᠬᠤᠨ ᠡᠩᠬᠡ ᠪᠤᠯᠵᠤ᠂ ᠬᠥᠮᠦᠨ ᠲᠥᠷᠥᠯᠬᠢᠲᠡᠨ ᠬᠤᠪᠢ ᠵᠠᠶᠠᠭᠠᠨ ᠬᠠᠮᠲᠤ ᠶ᠋ᠢ ᠠᠬᠢᠭᠤᠯᠬᠤ ᠤᠶᠤᠨ ᠤᠬᠠᠭᠠᠨ ᠪᠠ ᠬᠦᠴᠦᠨ ᠴᠢᠳᠠᠯ ᠡᠷᠭᠦᠬᠦ᠌ ᠬᠦᠰᠡᠵᠦ᠍ ᠭᠡᠵᠦ᠍ ᠴᠢᠬᠤᠯᠠᠴᠢᠯᠠᠪᠠ᠃
ᠳᠡᠯᠡᠬᠡᠢ ᠵᠠᠯᠠᠭᠤᠴᠤᠳ ᠡᠩᠬᠡ ᠲᠠᠢᠪᠤᠩ ᠶᠡᠬᠡ ᠬᠤᠷᠠᠯ ᠲᠤᠰ ᠡᠳᠦᠷ ᠪᠡᠭᠡᠵᠢᠩ ᠬᠤᠷᠠᠯᠳᠤᠵᠤ᠂《ᠬᠠᠮᠲᠤ ᠡᠩᠬᠡ ᠲᠥᠯᠥᠭᠡ》 ᠭᠣᠣᠯ ᠰᠡᠳᠦᠪ ᠪᠤᠯᠭᠠᠵᠤ᠂ ᠳᠤᠮᠳᠠᠳᠤ ᠠᠷᠠᠳ ᠭᠠᠳᠠᠭᠠᠳᠤ ᠯᠤᠭ᠎ᠠ ᠨᠥᠬᠥᠷᠰᠡᠭ ᠪᠣᠯᠤᠨ ᠳᠤᠮᠳᠠᠳᠤ ᠪᠦᠬᠦ᠌ ᠵᠠᠯᠠᠭᠤᠴᠤᠳ ᠬᠣᠯᠪᠣᠭᠠᠲᠤ ᠬᠤᠷᠠᠯ ᠬᠠᠮᠲᠤᠷᠠᠨ ᠡᠷᠬᠢᠯᠡᠪᠡ᠃